ᠴᠠᠰᠤ ᠤᠷᠤᠬᠤ ᠰᠠᠶᠢᠬᠠᠨ
ᠨᠡᠶᠢᠲᠡᠯᠡᠭᠰᠡᠨ ᠴᠠᠭ᠄
2020/12/29
ᠵᠣᠬᠢᠶᠠᠭᠴᠢ᠄ ᠴᠢᠪᠴᠢᠨ ᠡᠪᠯᠡᠯᠳᠦᠰᠢᠷᠭᠠᠯ ᠨᠠᠪᠴᠢᠰ ᠢᠶᠠᠨ ᠦᠨᠦᠰᠦᠨ ᠪᠦᠭᠡᠴᠡᠶᠢᠯᠡᠵᠦ ᠴᠠᠰᠤ ᠬᠢᠷᠮᠠᠭᠯᠠᠨ᠎ᠠᠰᠢᠷᠠᠯᠠᠭᠰᠠᠨ ᠲᠠᠯ᠎ᠠ ᠪᠠᠨ ᠬᠠᠶᠢᠷ᠎ᠠ ᠪᠠᠷ ᠬᠦᠪᠦᠷᠢᠭᠦᠯᠵᠦ ᠪᠠᠶᠢᠭᠠᠯᠢ ᠰᠡᠷᠭᠦᠨ᠎ᠡᠰᠠᠨᠰᠠᠷ ᠤᠨ ᠠᠷᠢᠭᠤᠨ ᠬᠡᠰᠢᠭ ᠬᠤᠷᠦ᠋ᠢᠯᠠᠵᠤ ᠭᠠᠵᠠᠷ ᠤᠨ ᠡᠯᠢᠭᠡᠨ ᠳᠤ ᠪᠠᠭᠤᠨ᠎ᠠᠰᠠᠨᠠᠭ᠎ᠠ ᠰᠡᠳᠬᠢᠯ ᠤᠨ ᠠᠷᠢᠭᠤᠰᠬᠠᠯ ᠪᠤᠯᠵᠤ ᠤᠶᠠᠩᠭ᠎ᠠ ᠡᠭᠡᠰᠢᠭ ᠨᠠᠶᠢᠷᠠᠨ᠎ᠠ᠃ᠡᠬᠡ ᠲᠡᠯᠡᠬᠡᠢ ᠶᠢ ᠴᠠᠭᠠᠨ ᠬᠦᠷᠮ᠎ᠡ ᠡᠮᠦᠰᠬᠡᠨ ᠴᠠᠰᠤ ᠤᠷᠤᠬᠤ ᠰᠠᠶᠢᠬᠠᠨᠡᠩ ᠦᠭᠡᠢ ᠲᠠᠯ᠎ᠠ ᠠᠨᠢᠷ ᠦᠭᠡᠢ ᠶᠢᠨ ᠲᠤᠮᠳᠠ ᠴᠠᠶᠢᠯᠵᠠᠬᠤ ᠰᠠᠶᠢᠬᠠᠨᠡᠶᠡᠷ ᠴᠠᠭᠠᠨ ᠴᠠᠰᠤ ᠪᠦᠵᠢᠭᠯᠡᠨ ᠪᠠᠭᠤᠬᠤ ᠦᠨᠡᠬᠡᠷ ᠰᠠᠶᠢᠬᠠᠨᠡᠭᠡᠷᠡᠮ᠎ᠡ ᠲᠠᠯ᠎ᠠ ᠶᠢᠨ ᠲᠤᠮᠳᠠ ᠠᠴᠠ ᠦᠬᠡᠷ ᠬᠤᠨᠢᠳ ᠴᠤᠪᠤᠨ ᠢᠷᠡᠭᠦ ᠰᠠᠶᠢᠬᠠᠨ᠃ᠠᠭᠤᠷ ᠠᠮᠢᠰᠬᠤᠯ ᠴᠡᠪᠡᠷᠰᠢᠨ ᠠᠭᠤᠯᠠ ᠲᠠᠯ᠎ᠠ ᠪᠠᠷ ᠴᠠᠰᠤ ᠤᠷᠤᠬᠤ ᠰᠠᠶᠢᠬᠠᠨᠠᠯᠢᠶ᠎ᠠ ᠪᠠᠨᠳᠢ ᠶᠢᠨ ᠬᠠᠴᠠᠷ ᠨᠢᠭᠤᠷ ᠢ ᠦᠯᠴᠢᠷᠰᠢᠭᠦᠯᠦᠨ ᠴᠠᠰᠤ ᠤᠷᠤᠬᠤ ᠰᠠᠶᠢᠬᠠᠨᠠᠳᠬᠤ ᠠᠳᠬᠤ ᠪᠠᠷ ᠴᠠᠰᠤᠨ ᠰᠢᠬᠢᠷ ᠭᠡᠵᠦ ᠠᠮᠳᠠᠯᠠᠵᠤ ᠢᠳᠡᠬᠦ ᠨᠢ ᠰᠠᠶᠢᠬᠠᠨᠠᠯᠠᠭ ᠭᠦᠯᠦᠭᠡ ᠴᠠᠰᠤᠨ ᠬᠤᠩᠭᠠᠷ ᠲᠤ ᠠᠯᠢᠶᠠᠯᠠᠨ ᠬᠤᠷᠭᠤᠭᠠᠬᠤ ᠨᠢ ᠰᠠᠶᠢᠬᠠᠨᠨᠠᠮᠤᠷᠰᠢᠭᠰᠠᠨ ᠲᠠᠯ᠎ᠠ ᠶᠢᠨ ᠨᠠᠷᠢᠨ ᠲᠤᠭᠤᠰᠤ ᠶᠢ ᠲᠠᠷᠤᠵᠤ ᠴᠠᠰᠤ ᠤᠷᠤᠬᠤ ᠰᠠᠶᠢᠬᠠᠨᠨᠠᠮᠠᠬᠠᠨ ᠲᠤᠯᠤᠭᠠᠳ ᠴᠡᠯ ᠪᠤᠭᠤᠷᠤᠯ ᠨᠤᠳᠤᠭ ᠤᠨ ᠰᠠᠬᠢᠭᠤᠰᠤ ᠰᠢᠭ᠋ ᠰᠦᠭᠯᠡᠶᠢᠬᠦ ᠰᠠᠶᠢᠬᠠᠨᠨᠠᠶᠢᠷᠠᠭ ᠰᠢᠯᠦᠭ ᠤᠨ ᠪᠠᠳᠠᠭ ᠬᠤᠯᠪᠤᠵᠤ ᠨᠠᠮᠤᠭᠤᠬᠠᠨ ᠠᠶᠠᠰ ᠲᠠᠢ ᠴᠠᠰᠤ ᠤᠷᠤᠬᠤ ᠰᠠᠶᠢᠬᠠᠨᠨᠠᠰᠤᠨ ᠪᠠᠭ᠎ᠠ ᠶᠢᠨ ᠲᠤᠷᠠᠳᠬᠠᠯ ᠬᠡᠯᠬᠢᠵᠦ ᠴᠡᠴᠡᠭᠬᠡᠨ ᠬᠡᠯᠳᠡᠰ ᠲᠠᠢ ᠨᠠᠮᠢᠷᠠᠨᠪᠠᠭᠤᠬᠤ ᠰᠠᠶᠢᠬᠠᠨ᠃ᠲᠡᠯᠡᠬᠡᠢ ᠶᠢᠨ ᠴᠠᠭᠠᠨ ᠡᠪᠦᠭᠡᠨ ᠰᠠᠷᠠᠯ ᠮᠤᠷᠢ ᠲᠠᠢ ᠪᠠᠨ ᠴᠤᠭᠭᠢᠭᠤᠯᠬᠤ ᠰᠠᠶᠢᠬᠠᠨᠲᠡᠪᠡᠯ ᠢᠶᠠᠨ ᠵᠤᠵᠠᠭᠠᠯᠠᠨ ᠠᠭᠤᠷ ᠰᠠᠪᠰᠠᠭᠤᠯᠤᠨ ᠤᠭᠳᠤᠬᠤ ᠰᠠᠶᠢᠬᠠᠨᠲᠡᠩᠳᠡᠭᠦᠦ ᠬᠠᠰᠢᠷ ᠠᠩᠴᠢᠳ ᠲᠦᠷᠦᠭᠡ ᠨᠡᠶᠢᠯᠡᠭᠦᠯᠦᠨ ᠠᠩ ᠳᠤ ᠮᠤᠷᠳᠠᠬᠤ ᠰᠠᠶᠢᠬᠠᠨᠲᠡᠯᠭᠡᠷ ᠰᠠᠶᠢᠬᠠᠨ ᠪᠠᠶᠢᠭᠠᠯᠢ ᠲᠠᠢ ᠪᠠᠨ ᠴᠠᠰᠤᠨ ᠳᠤ ᠪᠤᠯᠵᠤᠬᠤ ᠵᠢᠮ᠎ᠡ ᠲᠠᠢ ᠰᠠᠶᠢᠬᠠᠨ᠃ᠴᠠᠭ ᠤᠯᠠᠷᠢᠯ ᠢᠶᠠᠨ ᠲᠠᠭᠠᠵᠤ ᠴᠠᠰᠤ ᠤᠷᠤᠬᠤ ᠰᠠᠶᠢᠬᠠᠨᠴᠠᠷᠢᠭᠤᠨ ᠡᠪᠦᠯ ᠤᠨ ᠦᠩᠭᠡ ᠪᠠᠷ ᠴᠠᠶᠢᠷᠠᠵᠤ ᠬᠠᠷᠠᠭᠳᠠᠬᠤ ᠰᠠᠶᠢᠬᠠᠨᠶᠢᠰᠦ ᠤᠷᠤᠵᠤ ᠨᠠᠷᠠ ᠨᠠᠰᠢᠯᠠᠵᠤ ᠴᠠᠰᠤ ᠬᠢᠷᠮᠠᠭᠯᠠᠬᠤ ᠰᠠᠶᠢᠬᠠᠨᠶᠠᠰᠤ ᠶᠠᠩᠭᠢᠨᠠᠮ᠎ᠠ ᠬᠠᠷᠠᠵᠠ ᠶᠢᠨ ᠤᠰᠤᠨ ᠠᠴᠠ ᠠᠭᠤᠷ ᠰᠠᠪᠰᠠᠬᠤ ᠰᠠᠶᠢᠬᠠᠨ᠃ᠬᠦᠬᠡᠬᠡ ᠡᠪᠦᠯ ᠤᠨ ᠬᠦᠴᠦ ᠴᠢᠩᠭᠠᠷᠠᠵᠤ ᠬᠦᠷ ᠴᠠᠰᠤ ᠵᠤᠵᠠᠭᠠᠷᠠᠬᠤ ᠰᠠᠶᠢᠬᠠᠨᠬᠦᠢᠳᠡᠨ ᠡᠬᠢᠯᠡᠵᠦ ᠢᠳᠡᠰᠢ ᠭᠠᠷᠭᠠᠨ ᠬᠦᠯᠳᠡᠭᠡᠵᠦ ᠬᠠᠳᠠᠭᠠᠯᠠᠬᠤ ᠳᠤ ᠴᠠᠰᠤ ᠲᠠᠢ ᠰᠠᠶᠢᠬᠠᠨᠬᠦᠯᠳᠡᠭᠦᠰᠦᠨ ᠴᠢᠷᠭ᠎ᠠ ᠭᠤᠯᠭᠤᠯᠵᠤ ᠬᠡᠤᠬᠡᠳ ᠢ ᠬᠦᠭᠰᠡᠭᠡᠨ ᠴᠠᠰᠤ ᠤᠷᠤᠬᠤ ᠰᠠᠶᠢᠬᠠᠨᠬᠦᠳᠦᠰᠦᠨ ᠲᠡᠪᠡᠯ ᠢᠶᠠᠨ ᠬᠦᠭᠡᠷᠦᠭᠦᠯᠵᠦ ᠬᠦᠬᠦᠷ ᠰᠤᠯᠢᠯᠴᠠᠨ ᠠᠶᠢᠯ ᠬᠤᠳᠠ ᠪᠠᠷᠠᠨᠢᠶᠠᠯᠠᠬᠤ ᠰᠠᠶᠢᠬᠠᠨ᠃ᠭᠤᠤᠯ ᠤᠨ ᠲᠤᠬᠤᠢ ᠳᠤ ᠴᠤᠭᠤᠯᠭ᠎ᠠ ᠭᠠᠷᠭᠠᠵᠤ ᠦᠭᠡᠷ ᠮᠠᠯ ᠢᠶᠠᠨ ᠤᠰᠤᠯᠠᠬᠤ ᠰᠠᠶᠢᠬᠠᠨᠭᠤᠤᠯ ᠤᠨ ᠪᠤᠷᠭᠠᠰᠤᠨ ᠳᠤ ᠦᠨᠡᠭᠡ ᠲᠠᠤᠯᠠᠢ ᠶᠢᠨ ᠮᠦᠷ ᠬᠠᠶᠢᠬᠤ ᠰᠠᠶᠢᠬᠠᠨᠭᠤᠤᠯ ᠤᠨ ᠪᠢᠯᠵᠤᠤᠬᠠᠢ ᠨᠤᠭᠤᠳ ᠴᠠᠰᠤ ᠪᠤᠳᠠᠷᠠᠭᠠᠨ ᠨᠢᠰᠬᠦ ᠰᠠᠶᠢᠬᠠᠨᠭᠤᠤᠯ ᠳᠤ ᠬᠦᠷᠦᠮᠡᠷ ᠬᠦᠢᠳᠡᠨ ᠪᠤᠯᠤᠭᠰᠠᠨ ᠴᠦ ᠭᠤᠯᠵᠠᠶᠢᠬᠤ ᠵᠠᠩ ᠦᠭᠡᠢ ᠨᠢ ᠰᠠᠶᠢᠬᠠᠨ᠃ᠪᠠᠭᠰᠤᠷᠭ᠎ᠠ ᠪᠠᠭᠰᠤᠷᠭ᠎ᠠ ᠴᠠᠰᠤ ᠪᠠᠶᠢᠭᠠᠯᠢ ᠲᠡᠯᠡᠬᠡᠢ ᠪᠠᠨ ᠰᠢᠮᠡᠳᠬᠡᠬᠦ ᠪᠠᠭ᠋ᠠᠳᠠᠢ ᠰᠠᠶᠢᠬᠠᠨᠪᠠᠭᠴᠠ ᠪᠠᠭᠴᠠ ᠴᠠᠰᠤᠨ ᠯᠠᠪᠰᠠ ᠪᠠᠳᠮᠠᠯᠠᠨ ᠪᠠᠭᠤᠬᠤ ᠪᠠᠭ᠋ᠠᠳᠤᠮ᠎ᠠ ᠰᠠᠶᠢᠬᠠᠨᠬᠢᠷᠠᠮᠠᠭ ᠬᠢᠷᠠᠮᠠᠭ ᠴᠠᠰᠤ ᠬᠤᠨ ᠤ ᠨᠤᠤᠯᠤᠭᠤᠷ ᠰᠢᠭ᠋ ᠬᠦᠪᠦᠨ ᠲᠡᠭᠳᠡᠬᠦ ᠰᠠᠶᠢᠬᠠᠨᠰᠢᠮᠡᠷᠬᠡᠨ ᠰᠢᠮᠡᠷᠬᠡᠨ ᠴᠠᠰᠤ ᠰᠢᠯ ᠪᠤᠯᠤᠷ ᠰᠢᠭ᠋ ᠰᠢᠵᠢᠷᠳᠡᠨ ᠬᠢᠯᠠᠯᠵᠠᠬᠤ ᠰᠠᠶᠢᠬᠠᠨ᠃ᠬᠦᠪᠦᠩ ᠵᠦᠭᠡᠯᠡᠨ ᠴᠠᠰᠤ ᠬᠤᠷᠮᠤᠢ ᠲᠡᠷᠪᠡᠯᠵᠡᠭᠦᠯᠦᠨ ᠬᠤᠷᠸ᠎ᠠ ᠳᠤ ᠪᠠᠭᠤᠬᠤ ᠰᠠᠶᠢᠬᠠᠨᠬᠦᠭᠰᠡᠬᠦ ᠰᠡᠳᠬᠢᠯ ᠤᠨ ᠠᠶᠠᠰ ᠢ ᠴᠢᠪᠬᠠᠳᠠᠨ ᠬᠦᠩᠭᠡᠨ ᠬᠦᠩᠬᠡᠨ ᠢᠷᠮᠡᠬᠦ ᠰᠠᠶᠢᠬᠠᠨᠬᠤᠩᠭᠤᠷᠴᠤᠭᠳᠤ ᠮᠤᠳᠤᠨ ᠤ ᠮᠦᠴᠢᠷ ᠲᠤ ᠴᠠᠰᠤᠨ ᠰᠠᠭᠰᠤᠷᠭ᠎ᠠ ᠲᠡᠯᠭᠡᠷᠡᠭᠦ ᠰᠠᠶᠢᠬᠠᠨᠬᠤᠷᠸ᠎ᠠ ᠶᠢᠨ ᠪᠤᠭᠤᠷᠤᠯ ᠡᠪᠦᠭᠡᠨ ᠪᠤᠭᠤ ᠶᠢᠨ ᠴᠢᠷᠭ᠎ᠠ ᠲᠠᠢ ᠨᠠᠰᠢᠯᠠᠬᠤ ᠰᠠᠶᠢᠬᠠᠨ᠃ᠰᠦᠨ ᠴᠠᠭᠠᠨ ᠪᠠᠶᠢᠭᠠᠯᠢ ᠰᠦᠯ ᠦᠩᠭᠡ ᠪᠠᠷ ᠠᠭᠤᠰᠬᠤ ᠰᠠᠶᠢᠬᠠᠨᠰᠦᠷᠦᠭ ᠮᠠᠯ ᠴᠠᠰᠤᠨ ᠲᠤᠮᠳᠠ ᠴᠠᠪᠴᠢᠯᠠᠨ ᠢᠳᠡᠰᠢᠯᠡᠬᠦ ᠨᠢ ᠰᠦᠷ ᠰᠠᠶᠢᠬᠠᠨᠰᠦᠷᠯᠢᠭ ᠠᠭᠤᠯᠠᠰ ᠢᠶᠠᠨ ᠪᠠᠷᠠᠳᠠᠨ ᠰᠦᠨᠢ ᠶᠢᠨ ᠲᠠᠯ᠎ᠠ ᠪᠠᠷ ᠠᠶᠠᠯᠠᠬᠤ ᠰᠠᠶᠢᠬᠠᠨᠰᠦᠬᠦ ᠴᠠᠰᠤ ᠶᠢ ᠰᠦᠷᠦᠨ ᠲᠡᠮᠡᠭᠡ ᠪᠠᠨ ᠤᠨᠤᠵᠤ ᠲᠡᠰᠢᠭᠦᠯᠬᠦ ᠰᠠᠶᠢᠬᠠᠨ᠃ᠠᠯᠠᠭ ᠱᠠᠭᠠᠵᠠᠭᠠᠢ ᠮᠤᠷᠢᠨ ᠱᠤᠩ ᠲᠡᠭᠡᠷ᠎ᠡ ᠱᠠᠭᠰᠢᠬᠤ ᠰᠠᠶᠢᠬᠠᠨᠠᠷᠢᠯᠤᠭᠰᠠᠨ ᠴᠠᠰᠤᠨ ᠤ ᠲᠠᠷᠠᠭ᠎ᠠ ᠠᠶᠢᠯ ᠬᠤᠳᠠ ᠨᠠᠯᠠᠶᠢᠬᠤ ᠰᠠᠶᠢᠬᠠᠨᠢᠰᠡᠬᠡᠢ ᠬᠡᠷ ᠤᠨ ᠲᠤᠭᠤᠨᠤ ᠪᠠᠷ ᠠᠭᠤᠷ ᠪᠠᠭᠠᠬᠢᠬᠤ ᠰᠠᠶᠢᠬᠠᠨᠢᠨᠢᠶᠡᠳᠦ ᠬᠦᠷ ᠤᠨ ᠲᠠᠭᠤ ᠦᠶ᠎ᠡ ᠦᠶ᠎ᠡ ᠰᠤᠨᠤᠰᠳᠠᠬᠤ ᠰᠠᠶᠢᠬᠠᠨ᠃ᠰᠢᠨ᠎ᠡ ᠤᠨ ᠤ ᠪᠤᠱᠤᠭᠠᠨ ᠲᠡᠭᠡᠷ᠎ᠡ ᠰᠢᠨᠡᠭᠡᠨ ᠴᠠᠰᠤ ᠬᠠᠶᠠᠯᠠᠬᠤ ᠰᠠᠶᠢᠬᠠᠨᠰᠢᠯ ᠪᠤᠯᠤᠷ ᠦᠩᠭᠡ ᠪᠠᠷ ᠰᠢᠵᠢᠷ ᠨᠠᠷᠠᠨ ᠳᠤ ᠬᠢᠯᠠᠯᠵᠠᠬᠤ ᠰᠠᠶᠢᠬᠠᠨᠰᠢᠨᠳᠠᠰᠤ ᠰᠢᠯᠭᠠᠨ ᠡᠮᠨᠢᠭ ᠤᠨ ᠨᠢᠷᠤᠭᠤᠨ ᠳᠤ ᠪᠤᠯᠭᠢᠭᠤᠯᠬᠤ ᠰᠠᠶᠢᠬᠠᠨᠴᠠᠩ ᠲᠠᠳᠠᠭᠤᠯᠤᠨ ᠴᠠᠰᠤ ᠪᠤᠳᠠᠷᠠᠭᠠᠨ ᠤᠶᠠᠭᠠᠨ ᠳᠤ ᠪᠠᠭᠤᠬᠤ ᠰᠠᠶᠢᠬᠠᠨ᠃ᠮᠦᠩᠭᠦᠨ ᠲᠡᠯᠡᠬᠡᠢ ᠶᠢᠨ ᠡᠵᠡᠳ ᠮᠦᠷ ᠢᠶᠠᠨ ᠲᠠᠮᠠᠭᠠᠯᠠᠨ ᠵᠤᠷᠠᠶᠢᠨ᠎ᠠᠮᠢᠨᠳᠠᠰᠤᠨ ᠲᠤᠷᠭᠠᠨ ᠬᠡ ᠲᠠᠢ ᠮᠤᠩᠭᠤᠯ ᠨᠤᠳᠤᠭ ᠨᠠᠯᠠᠶᠢᠨ᠎ᠠᠮᠡᠨᠳᠦᠯᠡᠨ ᠵᠤᠯᠭᠠᠬᠤ ᠢᠷᠦᠭᠡᠯ ᠤᠨ ᠠᠵᠠ ᠶᠢᠨ ᠴᠠᠭᠠᠨ ᠬᠠᠳᠠᠭ ᠨᠠᠮᠢᠷᠠᠨ᠎ᠠᠮᠢᠨᠤ ᠨᠤᠳᠤᠭ ᠤᠨ ᠡᠪᠦᠯ ᠠᠶᠠᠯᠠᠯ ᠤᠨ ᠠᠯᠳᠠᠨ ᠵᠢᠯᠤᠭᠤ ᠰᠤᠩᠭᠠᠨ᠎ᠠ᠃ᠡᠭᠡᠯᠵᠢᠯᠡᠬᠦ ᠤᠯᠠᠷᠢᠯ ᠤᠨ ᠦᠩᠭᠡ ᠡᠷᠢᠨ ᠤ ᠲᠤᠤᠯᠢᠶᠠᠨ ᠬᠠᠶᠢᠯᠠᠨ᠎ᠠᠡᠮᠡᠭᠡᠯ ᠤᠨ ᠪᠦᠭᠦᠷᠭᠡ ᠮᠢᠯᠢᠶᠠᠵᠤ ᠡᠪᠦᠯ ᠤᠨ ᠨᠠᠷᠠᠨ ᠵᠢᠷᠭᠠᠨ᠎ᠠᠡᠪᠦᠭᠡᠳ ᠤᠨ ᠬᠠᠯᠠᠭᠤᠨ ᠰᠤᠷᠭᠠᠯ ᠡᠯᠢᠭᠡ ᠵᠢᠷᠦᠬᠡᠨ ᠳᠤ ᠰᠢᠮᠡᠳᠦᠨ᠎ᠡᠡᠬᠡ ᠨᠤᠳᠤᠭ ᠤᠨ ᠬᠠᠶᠢᠷ᠎ᠠ ᠢᠪᠢᠯᠵᠦ ᠬᠠᠪᠤᠷ ᠤᠨ ᠤᠷᠢ ᠪᠠᠳᠠᠷᠠᠨ᠎ᠠ᠃︵ᠳᠡᠳ᠋ ᠪᠠᠶᠢᠷᠢ︶
 
ᠢᠷᠡᠯᠲᠡ᠄ ᠬᠦᠯᠦᠨ ᠪᠤᠶᠢᠷ ᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号