| ᠵᠣᠬᠢᠶᠠᠭᠴᠢ᠄ ᠷᠢ᠊ · ᠰᠡᠴᠡᠨᠳᠤ | ᠶᠢᠷᠳᠢᠨᠴᠤ ᠶᠢᠨ ᠡᠭᠡᠯ ᠵᠢᠷ ᠤᠨ ᠠᠶᠢᠯ ᠲᠤᠰᠬᠤᠨ ᠤᠷᠤᠭᠤ | ᠢᠪᠡᠭᠡᠯ ᠬᠠᠶᠢᠷ᠎ᠠ᠂ ᠪᠤᠶᠠᠨ ᠤ ᠦᠭᠯᠢᠭᠡ ᠲᠦᠭᠡᠭᠡᠬᠦ ᠪᠠᠷ | ᠢᠯᠡᠬᠦᠤ ᠨᠢᠭᠡ ᠤᠶᠢᠮᠤᠰᠤᠨ ᠲᠦᠷᠡᠢ ᠲᠤᠳᠤᠷ᠎ᠠ ᠪᠠᠨ ᠲᠦᠬᠦᠷᠡᠩ ᠪᠡᠯᠡᠭ ᠲᠠᠢ | ᠢᠰᠦ᠋ᠰ ᠴᠠᠭᠠᠨ ᠪᠤᠭᠤᠷᠤᠯ ᠴᠠᠩ ᠱᠠᠭᠰᠤᠷᠭᠠ ᠲᠠᠳᠠᠭᠤᠯᠤᠨ ᠠᠶᠢᠰᠤᠢ | ᠶᠡᠭᠡ ᠴᠦ ᠬᠤᠯᠠ ᠦᠯᠢᠭᠡᠷ ᠲᠤᠮᠤᠭ ᠤᠨ ᠬᠢᠵᠠᠭᠠᠷ ᠠᠴᠠ | ᠢᠨᠢᠶᠠᠳᠤ ᠪᠠᠶᠠᠷ ᠲᠤᠸᠠᠯᠠᠯᠵᠠᠭᠰᠠᠨ ᠭᠡᠷᠡᠯᠳᠤ ᠴᠤᠩᠬᠤ ᠪᠦᠬᠦᠨ ᠢ ᠴᠢᠭᠯᠡᠭᠡᠳ | ᠶᠡᠷᠤ ᠪᠤᠰᠤ ᠶᠢᠨ ᠡᠳᠤᠷ ᠰᠦᠨᠢ ᠶᠢᠨ ᠲᠤᠭᠠᠯᠠᠯ ᠢ ᠲᠡᠩᠴᠡᠬᠦᠯᠤᠨ | ᠶᠢᠰᠤ ᠶᠢᠨ ᠵᠢᠩ ᠲᠠᠢ ᠴᠠᠭᠠᠨ ᠲᠤᠶᠠᠭ᠎ᠠ ᠶᠢ ᠦᠷᠬᠦᠭᠡᠵᠤ ᠠᠶᠢᠰᠤᠢ | ᠢᠳᠡᠭᠡᠨ ᠤ ᠰᠠᠶᠢᠬᠠᠨ᠂ ᠬᠤᠪᠴᠠᠰᠤᠨ ᠤ ᠵᠤᠵᠠᠭᠠᠨ ᠢ ᠰᠠᠨᠠᠵᠤ | ᠡᠬᠢᠨ ᠤ ᠳ᠋ᠦᠩ ᠢᠶᠠᠷ ᠡᠷᠡᠤ ᠨᠢ ᠬᠠᠪᠢᠭᠠᠨᠠᠨ ᠴᠡᠴᠡᠷᠬᠡᠶᠢᠯᠡᠵᠤ | ᠡᠪᠡᠰᠤᠨ ᠡᠮᠪᠤᠯᠡ ᠶᠢᠨ ᠬᠢᠨᠢ ᠴᠤᠭᠤᠷᠬᠠᠢ ᠪᠠᠷ ᠭᠡᠷ ᠤᠨ ᠭᠠᠯ ᠨᠢ ᠭᠢᠯᠠᠭᠠᠨᠠᠨ | ᠦᠯᠤᠨ ᠵᠠᠯᠮᠠᠨ ᠠᠮᠢᠳᠤᠷᠠᠭᠰᠠᠳ ᠲᠤ ᠡᠮᠬᠦ ᠲᠠᠯᠬ᠎ᠠ ᠪᠠᠷᠢᠭᠰᠠᠭᠠᠷ ᠠᠶᠢᠰᠤᠢ | ᠡᠨᠡᠷᠢᠯ ᠬᠠᠶᠢᠷ᠎ᠠ ᠶᠢᠨ ᠡᠯᠴᠢ᠂ ᠡᠴᠢᠭᠡ ᠡᠪᠤᠭᠡᠳ ᠤᠨ ᠪᠦᠷᠢᠯᠸ᠎ᠠ | ᠡᠷᠬᠢᠬᠦ ᠤᠨ ᠵᠢᠯ ᠤᠳ ᠤᠨ ᠡᠷᠭᠡᠯᠵᠡᠭᠡ ᠲᠤᠷᠠᠰᠤᠯᠳᠤ ᠠᠭᠤᠯᠵᠠᠷ ᠲᠡᠭᠡᠷ᠎ᠡ | ᠡᠰ ᠴᠢᠰᠤ᠂ ᠦᠨᠳᠤᠰᠤ ᠤᠭᠰᠠᠭ᠎ᠠ᠂ ᠭᠠᠷᠤᠯ ᠡᠬᠦᠰᠤᠯ ᠢᠯᠭᠠᠭ᠎ᠠ ᠦᠭᠡᠢ | ᠡᠯᠳᠡᠪ ᠨᠡᠶᠢᠳᠡᠯᠡᠯ ᠳᠤ ᠵᠠᠷ ᠲᠠᠢ ᠲᠡᠵᠢᠭᠡᠯ ᠤᠭᠤᠷᠠᠭ ᠰᠤᠭᠤᠪᠴᠢᠯᠠᠭᠰᠠᠭᠠᠷ ᠠᠶᠢᠰᠤᠢ | ᠠᠯᠠᠪᠬᠢᠨ ᠬᠠᠭᠠᠯᠭ᠎ᠠ ᠲᠠᠳᠠᠵᠤ᠂ ᠠᠭᠠᠷ ᠰᠠᠯᠬᠢ ᠰᠡᠩᠬᠢᠨᠡᠬᠦᠯᠤᠨ | ᠠᠭᠤᠯᠠᠰ ᠤᠨ ᠶᠢᠷᠳᠢᠨᠴᠤ᠂ ᠠᠭᠤᠢ ᠳ᠋ᠦᠩ᠂ ᠪᠤᠰᠤ ᠤᠷᠴᠢᠯᠠᠩ ᠠᠴᠠ | ᠠᠮᠢᠳᠤᠷᠠᠯ ᠢᠶᠠᠨ ᠶᠠᠮᠠᠷᠬᠠᠨ ᠠᠵᠠ ᠵᠠᠶᠠᠭᠠᠨ ᠳᠤ ᠴᠦᠪᠳᠤᠬᠦᠯᠴᠢᠬᠡᠪᠡ ᠳ᠋ᠠ ᠭᠡᠵᠤ | ᠠᠯᠠᠭᠠᠨ ᠲᠡᠭᠡᠷ᠎ᠡ ᠪᠠᠨ ᠠᠪᠤᠷᠠᠯ ᠤᠨ ᠮᠦᠰᠤᠯᠠᠮᠵᠢ ᠬᠠᠶᠢᠯᠤᠮᠠᠭᠳᠠᠭᠤᠯᠤᠨ ᠠᠶᠢᠰᠤᠢ | ᠠᠪᠤᠨ᠎ᠠ ᠭᠡᠵᠤ ᠠᠯᠠᠭ᠎ᠠ ᠲᠡᠨᠢᠢᠯᠭᠡᠳᠡᠭ ᠬᠦᠮᠤᠨ ᠤ ᠬᠤᠷᠸ᠎ᠠ ᠳᠤ | ᠠᠯᠢ ᠪᠠᠶᠢᠭᠰᠠᠨ ᠢᠶᠠᠨ ᠴᠢᠨᠤ ᠬᠦᠰᠡᠯ ᠮᠦᠷᠤᠭᠡᠳᠤᠯ ᠢᠶᠠᠷ ᠴᠢᠨᠢ ᠪᠤᠯᠭᠠᠬᠤ ᠪᠠᠷ | ᠠᠪᠤ ᠠᠬᠠᠮᠠᠳ ᠢ ᠤᠷᠤᠯᠠᠨ ᠠᠶᠢᠬᠤᠪᠳᠤᠷ ᠦᠯᠴᠢᠷᠬᠡᠨ ᠢᠰᠦ᠋ᠰ | ᠠᠯᠫᠠᠰ ᠡᠾᠢᠮᠠᠯᠢᠶ᠎ᠠ ᠶᠢᠨ ᠨᠤᠷᠠᠭ᠎ᠠ ᠴᠠᠰᠤ ᠪᠤᠳᠠᠷᠠᠭᠠᠨ ᠠᠶᠢᠰᠤᠢ | ᠬᠡᠨ ᠳᠤ ᠴᠦ ᠭᠡᠰᠡᠨ ᠬᠡᠳᠤ ᠶᠢᠨ ᠠᠷᠢᠭᠤᠨ ᠵᠤᠷᠢᠯᠭ᠎ᠠ ᠪᠤᠢ | ᠬᠡᠳᠤᠷᠬᠡᠢ ᠬᠤᠪᠢᠨᠴᠢᠷ ᠬᠦᠮᠤᠨ ᠪᠢᠳᠡᠨ ᠤ ᠰᠤᠩᠭᠤᠯᠳᠠ ᠬᠢᠵᠠᠭᠠᠷ ᠦᠭᠡᠢ | ᠬᠡᠭᠡᠨᠴᠢᠷ ᠰᠠᠨᠰᠠᠷ ᠤᠨ ᠲᠡᠩᠳᠡᠬᠦᠤ ᠬᠦᠪᠰᠤᠭᠡᠷ ᠴᠠᠰᠤᠨ ᠯᠠᠪᠰᠠ ᠪᠠᠷ | ᠬᠢᠴᠢᠶᠡᠩᠬᠦᠢ ᠬᠠᠮᠢᠭ᠎ᠠ ᠲᠤᠰᠴᠤ ᠭᠡᠶᠢᠬᠦᠯᠬᠦ ᠪᠠᠨ ᠢᠰᠦ᠋ᠰ ᠦᠪᠡᠷ ᠢᠶᠠᠨ ᠮᠡᠳᠡᠨ᠎ᠡ | ᠮᠦᠩᠬᠡ ᠶᠢᠨ ᠪᠡᠯᠭᠡᠰᠢᠶᠠᠯᠳᠤ ᠭᠠᠴᠣᠷ᠎ᠠ ᠨᠤᠭᠤᠭᠠᠨ ᠮᠤᠳᠤᠳ ᠨᠢ | ᠮᠦᠴᠢᠷ ᠲᠤᠭᠠᠯᠠᠩ ᠭᠡᠷᠡᠯ ᠤᠨ ᠤᠨᠵᠢᠯᠭᠠᠳᠤ ᠱᠠ ᠭᠡᠳᠤᠷᠤᠭᠡᠳ | ᠮᠠᠨ ᠤ ᠲᠠᠨ ᠤ ᠪᠦᠬᠦ᠋ᠢᠯᠡ ᠠᠶᠢᠯ ᠲᠤᠰᠬᠤᠨ ᠤᠷᠤᠭᠤ | ᠮᠡᠨᠳᠤ ᠶᠢᠨ ᠬᠤᠶᠢᠮᠤᠷ ᠦᠨᠤᠴᠢᠷᠡᠬᠦᠯᠤᠯ ᠦᠭᠡᠢ ᠰᠠᠶᠢᠨ ᠰᠠᠶᠢᠬᠠᠨ ᠢ ᠨᠢ ᠭᠡᠵᠤ ᠤᠴᠢᠨ᠎ᠠ | ᠬᠠᠮᠢᠭ᠎ᠠ ᠴᠦ ᠶᠠᠪᠤᠯ᠎ᠠ ᠭᠡᠬᠦ ᠶᠢᠨ ᠪᠠᠷ᠎ᠠ ᠲᠦᠢᠮᠤ ᠦᠭᠡᠢ | ᠬᠠᠶᠢᠷᠠᠳᠠᠢ ᠲᠤᠳᠤᠨᠤ᠂ ᠬᠦᠨᠳᠤᠳᠤ ᠬᠦᠮᠤᠰ ᠤᠨ ᠬᠢᠨᠢ ᠨᠢᠭᠡ ᠪᠠᠷ | ᠬᠦᠬᠡ ᠠᠯᠤᠰ ᠶᠢᠷᠳᠢᠨᠴᠤ ᠶᠢᠨ ᠲᠡᠮᠳᠡᠭ ᠦᠭᠡᠢ ᠴᠡᠩᠬᠡᠷᠯᠡᠭᠡᠨ ᠠᠴᠠ | ᠬᠦᠷᠤᠭᠡᠳ ᠨᠢᠭᠡ ᠢᠷᠡᠵᠤ ᠵᠢᠯ ᠳᠡᠭᠡᠨ ᠭᠠᠭᠴᠠ ᠲᠤᠷᠠᠰᠤᠭᠳᠠᠬᠤ | ᠬᠦᠢ ᠴᠠᠭᠠᠨ ᠰᠦᠨᠢ ᠶᠢᠨ ᠵᠠᠭᠠᠳᠠᠯ ᠮᠦᠩᠬᠦᠨ ᠤᠳᠤᠳ ᠤᠨ ᠠᠶᠠᠯᠭᠤ | ᠬᠦᠷᠡᠯ ᠴᠦᠬᠦᠴᠡᠨ ᠳᠤ ᠪᠠᠳᠮᠠᠯᠠᠬᠤ ᠵᠤᠯᠠ ᠶᠢᠨ ᠮᠢᠩᠭᠠᠨ ᠲᠠᠬᠢᠯ | ᠬᠦᠳᠤᠰᠤᠨ ᠲᠡᠪᠡᠯ ᠳᠤ ᠨᠦᠢᠷᠰᠤᠬᠤ ᠨᠢᠯᠬᠠᠰ ᠤᠨ ᠵᠡᠬᠦᠳᠤ ᠰᠤᠴᠢᠭᠠᠯ ᠦᠭᠡᠢ | ᠬᠦᠬᠦᠨ ᠴᠠᠭᠠᠨ ᠰᠦ ᠶᠢ ᠬᠠᠭᠤᠷᠠᠢ ᠤᠭᠤᠳᠠᠯᠠᠨ ᠠᠶᠢᠰᠤᠢ | ᠬᠦᠭᠡᠷᠤᠬᠦᠢ ᠬᠠᠭᠠᠷᠢᠭᠳᠠᠭᠰᠠᠨ ᠴᠢᠬᠢ᠂ ᠬᠠᠴᠠᠷ ᠨᠢᠭᠤᠷ ᠲᠤ | ᠬᠦᠭᠯᠡᠭᠡᠷ ᠠᠰᠬ᠎ᠠ ᠶᠢᠨ ᠶᠤᠯᠤ ᠶᠢᠨ ᠲᠤᠰᠤ᠂ ᠦᠯᠴᠢᠷ ᠲᠡᠪᠡᠯ ᠲᠠᠢ | ᠬᠦᠮᠦᠯᠢᠭ ᠦᠵᠡᠯ᠂ ᠬᠦᠯᠢᠴᠡᠩᠬᠦᠢ ᠤᠪᠤᠷ᠂ ᠬᠦᠰᠡᠯ ᠨᠠᠶᠢᠳᠠᠯᠭ᠎ᠠ | ᠬᠦᠷᠤᠭ᠌ ᠵᠢᠷᠤᠭ᠂ ᠢᠯᠡ ᠵᠠᠬᠢᠳᠠᠯ᠂ ᠰᠢᠤᠳᠠᠨ ᠮᠠᠷᠺ ᠲᠠᠢ | ᠠᠶᠢᠯ ᠪᠤᠯᠭᠠᠨ ᠤ ᠭᠡᠷᠡᠯᠳᠤ ᠴᠤᠩᠬᠤ ᠭᠠᠴᠤᠷ᠎ᠠ ᠮᠤᠳᠤᠨ ᠲᠡᠭᠡᠷ᠎ᠡ | ᠠᠪᠢᠶᠠᠰ ᠴᠢᠳᠠᠪᠤᠷᠢ᠂ ᠠᠷᠭ᠎ᠠ ᠪᠢᠯᠢᠭ᠂ ᠢᠷᠡᠭᠡᠳᠤᠢ ᠬᠠᠶ᠋ᠢᠭᠯᠠᠭᠠᠳ | ᠦᠷ ᠠᠴᠠ ᠤᠷᠢᠳᠤᠭᠤᠷᠬᠠᠨ᠂ ᠦᠢ ᠲᠦᠮᠡᠨ ᠠᠶᠢᠯ ᠢᠶᠠᠷ | ᠦᠭᠬᠦ ᠪᠠᠨ ᠦᠭᠴᠤ ᠦᠨᠤᠴᠢᠷᠠᠯ ᠪᠦᠬᠦᠨ ᠢ ᠢᠯᠡᠬᠦᠤ ᠨᠢᠭᠡ ᠤᠶᠢᠮᠤᠰᠤᠨ ᠳᠠᠭᠠᠨ | ᠦᠵᠡᠭᠳᠡᠬᠦ ᠦᠭᠡᠢ ᠨᠢᠭᠤᠭᠠᠳ᠂ ᠡᠮᠤᠨ᠎ᠡ ᠪᠠᠨ ᠪᠠᠷᠢᠭᠠᠳ᠂ ᠠᠯᠬᠤᠭᠠᠨ ᠲᠤᠮᠳᠠ ᠪᠠᠨ | ᠲᠠᠶᠢᠭᠠᠳ᠂ ᠤᠭᠤᠳᠠᠯᠠᠭᠠᠳ᠂ ᠲᠠᠯᠳᠠ ᠠᠪᠠᠭᠠᠴᠠᠵᠤ ᠤᠷᠬᠢᠬᠤ ᠪᠠᠷ ᠪᠤᠴᠠᠯ᠎ᠠ᠃ |