ᠲᠤᠩᠭᠠᠯᠠᠭ ᠪᠠᠶᠢᠬᠤ ᠶᠢᠨ ᠰᠠᠶᠢᠬᠠᠨ
ᠨᠡᠶᠢᠲᠡᠯᠡᠭᠰᠡᠨ ᠴᠠᠭ᠄
2020/12/14
                  ᠵᠣᠬᠢᠶᠠᠭᠴᠢ᠄ ᠳᠠᠭᠤᠳᠠᠭᠠᠴᠢ    ᠲᠤᠩᠭᠠᠬᠤ ᠪᠤᠯᠤᠨ ᠲᠤᠩᠭᠠᠯᠠᠭ ᠬᠡᠰᠡᠨ ᠦᠬᠡᠨ ᠤ ᠢᠵᠡᠭᠤᠷ ᠨᠢ ᠨᠢᠬᠡ ᠬᠡᠵᠤ ᠪᠢ ᠱᠠᠪᠢ ᠨᠠᠷ ᠲᠠᠭᠠᠨ ᠵᠢᠭᠠᠭᠰᠠᠭᠠᠷ ᠢᠷᠡᠭᠰᠡᠨ᠃ ᠬᠡᠳᠡᠯ᠎ᠡ ᠤᠳᠤ ᠰᠠᠶᠢᠳᠤᠷ ᠪᠤᠳᠤᠪᠠᠯ ᠲᠤᠩᠭᠠᠭᠰᠠᠨ ᠤ ᠲᠠᠷᠠᠭᠠᠬᠢ ︽ᠲᠤᠩᠭᠠᠯᠠᠭ︾ ᠪᠤᠯᠤᠨ ᠲᠦᠷᠦᠯᠬᠢ ᠶᠢᠨ ︽ᠲᠤᠩᠭᠠᠯᠠᠭ︾ ᠬᠤᠶᠠᠷ ᠮᠠᠰᠢ ᠶᠡᠭᠡ ᠵᠦᠷᠢᠶ᠎ᠠ ᠲᠠᠢ ᠶᠤᠮ ᠪᠠᠶᠢᠨ᠎ᠠ᠃    ᠰᠤᠮᠤᠨ ᠤ ᠪᠠᠭ᠎ᠠ ᠰᠤᠷᠭᠠᠭᠤᠯᠢ ᠳᠤ ᠰᠤᠷᠤᠯᠴᠠᠵᠤ ᠪᠠᠶᠢᠬᠤ ᠳᠤ ᠬᠡᠦᠬᠡᠳ ᠤᠳ ᠬᠢᠴᠢᠶᠡᠯ ᠤᠨ ᠵᠠᠪᠰᠠᠷᠯᠠᠭ᠎ᠠ ᠪᠤᠯᠤᠭᠰᠠᠭᠠᠷ ᠯᠡ ᠬᠤᠳᠳᠤᠭ ᠲᠡᠬᠡᠷ᠎ᠡ ᠬᠦᠶᠦᠯᠳᠦᠨ ᠬᠦᠷᠴᠤ ᠤᠳᠬᠤᠭᠤᠷ ᠠᠴᠠ ᠴᠠᠩᠭᠠᠭᠰᠠᠨ ᠲᠡᠮᠡᠭᠡ ᠰᠢᠭ ᠤᠰᠤ ᠵᠠᠯᠬᠢᠳᠠᠭ ᠪᠠᠶᠢᠯ᠎ᠠ᠃ ᠲᠡᠷᠡ ᠬᠤᠳᠳᠤᠭ ᠤᠨ ᠤᠰᠤ ᠰᠢᠳᠤ ᠲᠠᠰᠢᠮ᠎ᠡ ᠬᠦᠢᠳᠡᠨ ᠮᠦᠷᠳᠡᠬᠡᠨ ᠠᠮᠳᠠ ᠲᠠᠢ ᠪᠠᠶᠢᠳᠠᠭ ᠨᠢ ︽ᠲᠦᠷᠦᠯᠬᠢ ᠲᠤᠩᠭᠠᠯᠠᠭ︾ ᠲᠠᠢ ᠬᠤᠯᠪᠤᠭ᠎ᠠ ᠲᠠᠢ ᠪᠠᠶᠢᠵᠡᠢ᠃ ᠲᠡᠷᠡ ᠦᠶ᠎ᠡ ᠳᠤ ᠪᠢᠳᠡ ︽ᠮᠠᠭᠤᠳᠠᠯᠴᠠᠪᠠᠯ︾ ᠨᠢᠬᠡ ᠨᠢᠬᠡᠨ ᠤ ᠪᠠᠨ ᠠᠪᠤ ᠶᠢᠨ ᠨᠡᠷ᠎ᠡ ᠪᠠᠷ ᠲᠠᠭᠤᠳᠠᠵᠤ ︽ᠦᠰᠢᠶ᠎ᠡ︾ ᠪᠠᠨ ᠠᠪᠳᠠᠭ ᠪᠠᠶᠢᠯ᠎ᠠ᠃ ᠡᠶᠢᠮᠤ ᠠᠴᠠ ᠬᠡᠨ ᠨᠢ ᠴᠤ ᠬᠡᠨ ᠳᠡᠭᠡᠨ ᠠᠪᠤ ᠡᠵᠢ ᠶᠢᠨ ᠢᠶᠠᠨ ᠨᠡᠷ᠎ᠡ ᠶᠢ ᠮᠡᠳᠡᠬᠦᠯᠬᠦ ᠦᠬᠡᠢ ᠬᠡᠵᠤ ᠬᠢᠴᠢᠶᠡᠳᠡᠭ ᠪᠠᠶᠢᠪᠠ ᠃ ᠮᠠᠨ ᠤ ᠠᠩᠬᠢ ᠳᠤ ᠨᠢᠬᠡ ᠲᠡᠮᠡᠴᠡᠯ ᠬᠡᠳᠡᠭ ︽ᠲᠡᠬᠡᠷᠡᠩᠬᠦᠢ︾ ᠰᠠᠬᠢᠯᠭ᠎ᠠ ᠦᠬᠡᠢ ᠬᠡᠦᠬᠡᠳ ᠬᠡᠵᠢᠶ᠎ᠡ ᠵᠠᠪ ᠲᠤ ᠨᠢ ᠬᠦᠮᠦᠨ ᠪᠤᠯᠭᠠᠨ ᠤ ᠠᠪᠤ ᠡᠵᠢ ᠶᠢᠨ ᠨᠡᠷ᠎ᠡ ᠶᠢ ᠮᠡᠳᠡᠴᠢᠬᠡᠬᠡᠳ ᠪᠠᠭ᠎ᠠ ᠯᠡ ᠬᠡᠷᠡᠭ ᠪᠤᠯᠪᠠᠯ ︽ᠡᠴᠢᠬᠡ ᠡᠬᠡ ᠶᠢᠨ ᠴᠢᠨᠢ ᠨᠡᠷ᠎ᠡ ᠶᠢ ᠬᠡᠯᠡᠨ᠎ᠡ ᠰᠢᠦ︾ ᠬᠡᠵᠤ ᠠᠶᠤᠯᠭᠠᠨ᠎ᠠ᠃ ᠬᠠᠷᠢᠨ ᠲᠡᠬᠦᠨ ᠤ ᠠᠪᠤ ᠶᠢᠨ ᠨᠡᠷ᠎ᠡ ᠶᠢ ᠪᠤᠯ ᠠᠩᠬᠢ ᠪᠠᠷ ᠢᠶᠠᠨ ᠮᠡᠳᠡᠬᠦ ᠦᠬᠡᠢ ᠶᠢ ᠶᠠᠭᠠᠬᠢᠨ᠎ᠡ᠃    ᠨᠢᠬᠡ ᠴᠢᠯᠦᠬᠡᠨ ᠤ ᠠᠮᠠᠷᠠᠯᠳᠠ ᠪᠠᠷ ᠪᠢ ᠠᠪᠤ ᠠᠴᠠ ᠪᠠᠨ ︽ᠲᠡᠮᠡᠴᠡᠯ ᠤᠨ ᠠᠪᠤ ᠨᠢ ᠶᠠᠮᠠᠷ ᠨᠡᠷ᠎ᠡ ᠲᠠᠢ ᠪᠤᠢ︾ ᠬᠡᠵᠤ ᠠᠰᠠᠭᠤᠪᠠᠯ᠄ ︽︿ᠠᠶᠢᠯ ᠤᠨ ᠪᠠᠵᠠᠭ᠎ᠠ﹀ ᠯᠡ ᠬᠡᠳᠡᠭ ᠶᠤᠮ︾ ᠬᠡᠪᠡ᠃ ᠮᠢᠨᠤ ᠪᠠᠶᠠᠷᠯᠠᠭᠰᠠᠨ ᠬᠡᠳᠡᠭ ᠡ᠃    ᠲᠦᠳᠡᠯ ᠦᠬᠡᠢ ᠰᠤᠷᠭᠠᠭᠤᠯᠢ ᠡᠬᠢᠯᠡᠭᠰᠡᠨ ᠤ ᠲᠠᠷᠠᠭ᠎ᠠ ᠲᠡᠮᠡᠴᠡᠯ ᠠᠴᠠ ᠦᠰᠢᠶ᠎ᠡ ᠪᠠᠨ ᠠᠪᠬᠤ ᠬᠡᠵᠤ ︽ᠠᠶᠢᠯ ᠤᠨ ᠪᠠᠵᠠᠭ᠎ᠠ︾ ᠬᠡᠵᠤ ᠬᠠᠰᠬᠢᠷᠪᠠᠯ ᠲᠡᠷᠡ ᠬᠠᠷᠢᠨ ᠤᠶᠢᠰᠢᠶᠠᠬᠤ ᠴᠤ ᠦᠬᠡᠢ ᠪᠠᠶᠢᠯ᠎ᠠ᠃ ᠠᠪᠤ ᠯᠠᠪ ᠠᠨᠳᠠᠭᠤᠷᠠᠭᠰᠠᠨ ᠪᠠᠶᠢᠨ᠎ᠠ ᠬᠡᠵᠤ ᠪᠤᠳᠤᠭᠠᠳ ᠦᠩᠬᠡᠷᠡᠪᠡ᠃ ᠬᠡᠳᠡᠯ᠎ᠡ ᠰᠡᠬᠦᠯ ᠳᠤ ᠨᠢ ᠬᠦᠮᠦᠨ ᠠᠴᠠ ᠰᠤᠨᠤᠰᠬᠤᠯᠠᠷ ᠠᠪᠤ ᠨᠢ ᠳ᠋ᠠᠩᠰᠠᠯ ᠬᠡᠳᠡᠭ ᠲᠠᠩᠭᠤᠳ ᠨᠡᠷ᠎ᠡ ᠲᠠᠢ᠂ ᠮᠤᠩᠭᠤᠯ ᠢᠶᠠᠷ ᠪᠤᠯ ︽ᠲᠤᠩᠭᠠᠯᠠᠭ︾ ᠬᠡᠰᠡᠨ ᠤᠳᠬ᠎ᠠ ᠲᠠᠢ ᠬᠡᠨ᠎ᠡ᠃ ᠨᠤᠳᠤᠭ ᠤᠨ ᠬᠢᠨᠢ ᠠᠪᠤᠭᠠᠶᠢᠯᠠᠭᠠᠳ ᠠᠪᠤ ᠶᠢ ᠨᠢ ︽ᠠᠶᠢᠯ ᠤᠨ ᠪᠠᠵᠠᠭ᠎ᠠ︾ ᠬᠡᠳᠡᠭ ᠪᠠᠶᠢᠵᠡᠢ᠃ ᠲᠡᠮᠡᠴᠡᠯ ᠤᠨ ᠠᠪᠦ‍ ᠨᠢᠬᠡ ᠤᠳᠠᠭ᠎ᠠ ᠰᠤᠷᠭᠠᠭᠤᠯᠢ ᠲᠡᠬᠡᠷ᠎ᠡ ᠢᠷᠡᠬᠦᠯᠡᠷ ᠪᠢ ᠲᠠᠯᠳᠠᠭᠤᠷ ᠨᠢᠭᠤᠵᠤ ᠬᠠᠷᠠᠭᠰᠠᠨ ᠴᠢᠨᠢ ᠬᠠᠷ᠎ᠠ ᠪᠤᠷᠤ ᠴᠢᠷᠠᠢ ᠲᠠᠢ᠂ ᠦᠬᠡ ᠲᠠᠭᠤᠨ ᠴᠦᠬᠡᠨ ᠲᠠᠢ ᠬᠦᠮᠦᠨ ᠪᠠᠶᠢᠯ᠎ᠠ᠃ ᠭᠠᠳᠠᠷ ᠲᠦᠷᠬᠦ ᠶᠢ ᠨᠢ ᠬᠠᠷᠠᠬᠤ ᠳᠤ ︽ᠲᠤᠩᠭᠠᠯᠠᠭ︾ ᠬᠡᠳᠡᠭ ᠨᠠᠷ᠎ᠡ ᠳᠡᠭᠡᠨ ᠶᠠᠭ ᠵᠤᠬᠢᠮᠠᠷ ᠦᠬᠡᠢ ᠠᠵᠢ᠃    ᠮᠠᠨ ᠤ ᠠᠩᠬᠢ ᠳᠤ ᠲᠤᠭ᠎ᠠ ᠵᠢᠭᠠᠳᠠᠭ ᠵᠠᠯᠠᠭᠤᠬᠠᠨ ᠡᠮᠡᠭᠳᠡᠢ ᠪᠠᠭᠰᠢ ᠯᠡ ᠡᠶᠢᠮᠤ ᠲᠤᠩᠭᠠᠯᠠᠭ ᠰᠠᠶᠢᠬᠠᠨ ᠨᠡᠷ᠎ᠡ ᠲᠠᠢ ᠪᠠᠶᠢᠪᠠᠯ ᠲᠠᠭᠠᠷᠠᠨ᠎ᠠ ᠬᠡᠵᠤ ᠪᠤᠳᠤᠪᠠ᠃    ᠲᠡᠷᠡ ᠦᠶ᠎ᠡ ᠳᠤ ᠲᠡᠮᠡᠴᠡᠯ ᠤᠨ ᠠᠪᠤ ᠨᠢ ᠰᠤᠷᠭᠠᠭᠤᠯᠢ ᠲᠠᠷᠬᠠᠬᠤ ᠤᠶᠢᠷᠠᠳᠬᠤ ᠳᠤ ᠯᠡ ᠮᠠᠨ ᠤ ᠭᠠᠴᠠᠭᠠᠨ ᠤ ᠬᠡᠦᠬᠡᠳ ᠤᠳ ᠤᠨ ᠬᠡᠷ ᠢᠶᠠᠷ ᠤᠷᠤᠵᠤ ᠬᠡᠦᠬᠡᠳ ᠲᠡᠭᠡᠨ ᠶᠠᠪᠤᠭᠤᠯᠬᠤ ᠤᠨᠤᠯᠭ᠎ᠠ ᠶᠢᠨ ᠲᠡᠮᠡᠭᠡ ᠶᠢ ᠨᠢ ᠨᠢᠬᠡ ᠭᠠᠷ ᠪᠤᠯᠭᠠᠨ ᠴᠦᠷᠬᠦᠯᠡᠨ ᠬᠦᠳᠦᠯᠦᠬᠡᠳ ᠰᠤᠷᠭᠠᠭᠤᠯᠢ ᠶᠢᠨ ᠡᠬᠦᠳᠡᠨ ᠲᠡᠬᠡᠷ᠎ᠡ ᠪᠤᠷᠠᠨᠳᠠᠭ ᠢᠶᠠᠨ ᠪᠦᠰᠡᠯᠡᠨ ᠵᠤᠭᠰᠤᠵᠤ ᠪᠠᠶᠢᠳᠠᠭ᠃ ᠰᠤᠷᠭᠠᠭᠤᠯᠢ ᠡᠬᠢᠯᠡᠬᠦ ᠳᠤ ᠴᠤ ᠬᠡᠰᠡᠨ ᠠᠳᠠᠯᠢ᠃ ︽ᠠᠶᠢᠯ ᠤᠨ ᠪᠠᠵᠠᠭ᠎ᠠ ᠳᠤ ᠰᠢᠷ᠎ᠠ ᠠᠳᠠ᠂ ᠰᠢᠷ᠎ᠠ ᠦᠬᠢᠨ ᠢᠶᠠᠨ ᠲᠠᠶᠢᠭᠠᠳ ᠶᠠᠪᠤᠭᠤᠯᠴᠢᠬᠠᠬᠤ ᠳᠤ ᠰᠠᠨᠠᠭ᠎ᠠ ᠵᠤᠪᠠᠨ᠎ᠠ ᠬᠡᠰᠡᠨ ᠤᠴᠢᠷ ᠦᠬᠡᠢ᠂ ᠲᠡᠮᠡᠭᠡ ᠬᠡᠦᠬᠡᠳ ᠬᠤᠶᠠᠷ ᠠᠳᠠᠯᠢᠬᠠᠨ ᠪᠠᠶᠠᠷᠯᠠᠭᠠᠳ ᠯᠡ ᠰᠦᠢᠳ ᠪᠤᠯᠳᠠᠭ ᠰᠢᠦ︾᠃ ᠡᠨᠡ ᠪᠤᠯ ᠠᠶᠢᠯ ᠤᠰᠤᠨ ᠤ ᠬᠢᠨ ᠤ ᠲᠡᠮᠡᠴᠡᠯ ᠤᠨ ᠠᠪᠤ ᠲᠤᠩᠭᠠᠯᠠᠭ ᠢ ︽ᠠᠶᠢᠯ ᠤᠨ ᠪᠠᠵᠠᠭ᠎ᠠ︾ ᠬᠡᠮᠡᠨ ᠬᠦᠨᠳᠦᠳᠬᠡᠨ ᠠᠪᠠᠭᠠᠶᠢᠯᠠᠳᠠᠭ ᠤᠨ ᠴᠠᠭᠠᠨᠠᠬᠢ ᠤᠴᠢᠷ ᠨᠢ ᠶᠤᠮ᠃ ︽ᠠᠶᠢᠯ ᠤᠨ ᠪᠠᠵᠠᠭ᠎ᠠ︾ ᠬᠡᠭᠴᠢ ᠪᠤᠯᠠᠭ ᠤᠨ ᠤᠰᠤ ᠰᠢᠭ᠋ ᠲᠦᠷᠦᠯᠬᠢ ᠶᠢᠨ ᠲᠤᠩᠭᠠᠯᠠᠭ ᠬᠦᠮᠦᠨ ᠪᠠᠶᠢᠵᠡᠢ᠃    ᠤᠰᠤ ᠮᠦᠩᠬᠡᠳᠡ ᠲᠤᠩᠭᠠᠯᠠᠭ ᠪᠠᠶᠢᠳᠠᠭ ᠨᠢ ᠲᠠᠰᠤᠷᠠᠯᠳᠠ ᠦᠬᠡᠢ ᠤᠷᠤᠰᠬᠤ᠂ ᠤᠨᠳᠤᠷᠳᠠᠭ ᠠᠴᠠ ᠡᠬᠢ ᠲᠠᠢ ᠪᠠᠶᠢᠬ᠎ᠠ᠃ ᠬᠡᠳᠡᠯ᠎ᠡ ᠬᠦᠮᠦᠨ ︽ᠲᠤᠩᠭᠠᠯᠠᠭ︾ ᠪᠠᠶᠢᠶ᠎ᠠ ᠬᠡᠪᠡᠯ ᠴᠤᠬᠤᠮ ᠶᠠᠭᠠᠬᠢᠬᠤ ᠪᠢᠯᠡ᠃ ᠦᠨᠦ ᠪᠤᠯᠳᠠᠯ᠎ᠠ ᠪᠢ ᠦᠪᠡᠷ ᠢ ᠪᠠᠨ ᠲᠤᠩᠭᠠᠯᠠᠭ ᠡᠰᠡᠬᠦ ᠪᠠᠨ ᠮᠡᠳᠡᠬᠦ ᠦᠬᠡᠢ ᠶᠠᠪᠤᠬᠤ ᠶᠤᠮ᠃ ᠶᠠᠭ ᠯᠡ ︽ᠠᠶᠢᠯ ᠤᠨ ᠪᠠᠵᠠᠭ᠎ᠠ︾ ᠰᠢᠭ᠋ ᠲᠤᠩᠭᠠᠯᠠᠭ ᠪᠠᠶᠢᠶ᠎ᠠ ᠬᠡᠵᠤ ᠪᠤᠳᠤᠭᠰᠠᠭᠠᠷ ᠦᠨᠦ ᠪᠤᠯᠵᠤ ᠪᠠᠶᠢᠨ᠎ᠠ᠃ ᠡᠷᠬᠢᠨ ᠲᠤᠭᠤᠷᠢᠨ ᠳᠤ ᠮᠢᠨᠢ ︽ᠠᠶᠢᠯ ᠤᠨ ᠪᠠᠵᠠᠭ᠎ᠠ︾ ᠰᠢᠭ᠋ ᠲᠤᠩᠭᠠᠯᠠᠭ ᠬᠦᠮᠦᠨ ᠡᠳᠦᠷ ᠠᠴᠠ ᠡᠳᠦᠷ ᠴᠦᠬᠡᠷᠡᠵᠤ ᠪᠠᠶᠢᠭ᠎ᠠ ᠰᠢᠭ᠋᠃    ᠬᠡᠳᠦᠨ ᠵᠢᠯ ᠤᠨ ᠡᠮᠦᠨ᠎ᠡ ᠲᠠᠷᠬᠠᠨ ᠮᠤᠤᠮᠢᠩᠭᠠᠨ ᠳᠤ ᠪᠤᠯᠳᠠᠭ ︽ᠰᠢᠵᠢᠷ ᠨᠠᠮᠤᠷ ᠤᠨ ᠰᠢᠯᠦᠭ ᠤᠨ ᠨᠠᠶᠢᠷ︾ ᠢᠶᠠᠷ ᠨᠡᠷᠡᠳᠤ ᠲᠤᠭᠤᠵᠢᠰ ᠤᠨ ᠵᠤᠬᠢᠶᠠᠯᠴᠢ ᠪᠦᠷᠢᠨᠳᠡᠬᠦᠰ ᠭᠤᠸᠠᠢ ᠲᠠᠢ ᠲᠠᠭᠠᠷᠠᠵᠤ ᠮᠠᠨᠳᠤᠯ ᠰᠤᠮᠤᠨ ᠳᠤ ᠪᠤᠯᠤᠭᠰᠠᠨ ᠵᠤᠬᠢᠶᠠᠯᠴᠢᠳ ᠤᠨ ᠠᠭᠤᠯᠵᠡᠯᠳᠡ ᠲᠡᠬᠡᠷ᠎ᠡ ᠵᠡᠷᠬᠡᠴᠡᠨ ᠰᠠᠭᠤᠵᠤ ᠰᠠᠨᠠᠭ᠎ᠠ ᠪᠤᠳᠤᠯ ᠢᠶᠠᠨ ᠲᠡᠯᠬᠡᠬᠦ ᠠᠵᠠ ᠲᠠᠭᠠᠷᠠᠯ᠎ᠠ᠃ ᠲᠡᠬᠡᠬᠡᠳ ᠬᠤᠷᠠᠯ ᠤᠨ ᠵᠠᠪᠰᠠᠷ ᠪᠦᠷᠢᠨᠳᠡᠬᠦᠰ ᠭᠤᠸᠠᠢ ᠨᠠᠳᠠ ᠳᠤ ᠲᠠᠷᠠᠭᠠᠬᠢ ᠦᠬᠡ ᠶᠢ ᠵᠤᠷᠪᠤᠰ ᠴᠠᠭᠠᠰᠤᠨ ᠲᠡᠬᠡᠷ᠎ᠡ ᠲᠠᠳᠠᠯᠠᠨ ᠪᠢᠴᠢᠬᠡᠳ ᠦᠭᠬᠦᠭᠰᠡᠨ ᠶᠤᠮ᠃ ᠠᠳᠡ ᠰᠡᠶᠢᠷᠠᠬᠦᠯᠪᠡᠯ ︽ᠤᠷᠠᠨ ᠪᠦᠳᠦᠬᠡᠯ ᠢ ᠤᠬᠠᠮᠰᠠᠷ ᠦᠬᠡᠢ ᠪᠠᠷ ᠪᠦᠳᠦᠬᠡᠳᠡᠭ᠂ ᠲᠡᠬᠡᠬᠦ ᠳᠡᠭᠡᠨ ᠠᠷᠠᠳ ᠲᠦᠮᠡᠨ ᠤ ᠤᠶᠤᠨ ᠤ ᠰᠢᠮ᠎ᠡ ᠪᠤᠯᠭᠠᠨ ᠵᠠᠷᠯᠠᠬᠤ ᠳᠠᠭᠠᠨ ᠰᠠᠶᠢᠳᠤᠷ ᠲᠤᠩᠭᠠᠬᠤ ᠠᠨᠤ ᠡᠷᠬᠢᠮ᠂ ᠭᠠᠭᠴᠠ ᠨᠢᠬᠡᠨ ᠦᠬᠡ ᠴᠤ ᠬᠡᠰᠡᠨ ᠬᠦᠨᠳᠦᠳᠬᠡᠨ ᠰᠤᠳᠤᠯᠵᠤ ᠲᠤᠩᠭᠠᠬᠤ ᠠᠨᠤ ᠡᠷᠬᠢᠮ᠃ ᠬᠠᠶᠢᠷᠠᠨ ᠰᠢᠯᠦᠭ ᠭᠠᠭᠴᠠ ᠦᠬᠡ ᠲᠠᠰᠢᠶ᠎ᠠ ᠬᠡᠷᠡᠭᠯᠡᠭᠰᠡᠨ ᠠᠴᠠ ᠡᠷᠴᠢᠮ ᠰᠤᠯᠠᠷᠠᠳᠠᠭ ᠤᠴᠢᠷᠳᠡᠢ᠃ ᠴᠢ ᠦᠪᠡᠷ ᠢ ᠪᠠᠨ ᠶᠡᠷᠦ ᠶᠢᠨ ᠨᠢᠬᠡᠨ ᠰᠢᠯᠦᠭᠴᠢᠨ ᠬᠡᠮᠡᠨ ᠪᠤᠳᠤᠵᠤ ᠪᠠᠶᠢᠬ᠎ᠠ᠂ ᠬᠡᠪᠡᠴᠤ ᠤᠷᠴᠢᠨ ᠴᠠᠭ ᠴᠢᠮ᠎ᠠ ᠶᠢ ᠨᠢᠬᠡᠨᠳᠡ ᠲᠡᠬᠡᠳᠤ ᠲᠦᠪᠰᠢᠨ ᠳᠤ ᠬᠦᠷᠬᠡᠭᠰᠡᠨ ᠲᠤᠯᠠᠳᠠ ᠨᠡᠷ᠎ᠡ ᠪᠠᠨ ᠬᠦᠨᠳᠦᠳᠬᠡᠬᠦ ᠨᠢ ᠵᠦᠢᠳᠡᠢ︾ ᠬᠡᠵᠡᠢ᠃    ᠲᠡᠷᠡ ᠡᠳᠦᠷ ᠠᠴᠠ ᠬᠤᠶᠢᠰᠢ ᠨᠦᠬᠦᠬᠡ ᠮᠢᠨᠤ ᠬᠡᠴᠢᠨᠡᠨ ᠵᠢᠯ ᠡᠷᠢᠬᠡᠳ ᠪᠠᠶᠢᠭᠰᠠᠨ ︽ᠲᠤᠩᠭᠠᠯᠠᠭ︾ ᠪᠠᠶᠢᠬᠤ ᠶᠢᠨ ᠰᠢᠯᠳᠠᠭᠠᠨ ᠨᠢ ︽ᠲᠤᠩᠭᠠᠬᠤ︾ ᠲᠡᠬᠡᠷ᠎ᠡ ᠪᠠᠶᠢᠳᠠᠭ ᠶᠤᠮ ᠪᠠᠶᠢᠨ᠎ᠠ ᠬᠡᠳᠡᠭ ᠢ ᠡᠨᠡ ᠪᠤᠭᠤᠷᠤᠯ ᠤᠨ ᠠᠯᠳᠠ ᠰᠢᠭ᠋ ᠦᠬᠡᠨ ᠠᠴᠠ ᠤᠯᠵᠤ ᠠᠪᠤᠭᠠᠳ ︽ᠲᠤᠩᠭᠠᠯᠠᠭ︾ ᠦᠬᠡᠳᠡ ᠤᠶᠢᠷᠠᠳᠬᠤ ᠪᠠᠷ ᠬᠢᠴᠢᠶᠡᠵᠤ ᠡᠬᠢᠯᠡᠭᠰᠡᠨ ᠃ ᠤᠷᠠᠨ ᠪᠦᠳᠦᠬᠡᠯᠴᠢ ᠬᠦᠮᠦᠨ ᠦᠬᠡ ᠪᠠᠨ ᠲᠤᠩᠭᠠᠬᠤ ᠠᠴᠠ ᠤᠷᠢᠳ ᠰᠡᠳᠬᠢᠯ ᠢᠶᠠᠨ ᠲᠤᠩᠭᠠᠬᠤ ᠬᠡᠷᠡᠭ ᠲᠠᠢ ᠶᠢ ᠪᠠᠭ᠎ᠠ ᠳᠤ ᠮᠢᠨᠢ ᠠᠶᠢᠯ ᠤᠰᠤᠨ ᠳᠠᠭᠠᠨ ᠬᠦᠨᠳᠦᠳᠬᠡᠯ ᠲᠠᠢ ᠶᠠᠪᠤᠭᠰᠠᠨ ︽ᠠᠶᠢᠯ ᠤᠨ ᠪᠠᠵᠠᠭ᠎ᠠ︾ ᠭᠤᠸᠠᠢ ᠲᠠᠨᠢᠭᠤᠯᠤᠭᠰᠠᠨ ᠪᠤᠯ ᠤᠳᠤ ᠦᠬᠡ ᠦᠰᠦᠭ ᠢᠶᠠᠨ ᠲᠤᠩᠭᠠᠬᠤ ᠶᠤᠰᠤ ᠶᠢ ᠶᠡᠭᠡ ᠵᠤᠬᠢᠶᠠᠯᠴᠢ ᠮᠠᠨᠢ ᠪᠤᠳᠢ ᠪᠤᠳᠢ ᠪᠦᠳᠦᠬᠡᠯ ᠢᠶᠠᠷ ᠢᠶᠠᠨ ᠬᠡᠯᠡᠬᠡᠳ ᠪᠠᠶᠢᠭ᠎ᠠ ᠶᠢ ᠤᠳᠤ ᠯᠡ ᠰᠠᠶ᠋ᠢ ᠯᠡ ᠤᠬᠠᠭᠠᠷᠠᠵᠤ ᠪᠠᠶᠢᠭ᠎ᠠ ᠶᠤᠮ ᠪᠠᠶᠢᠨ᠎ᠠ᠃ ︽ᠲᠤᠩᠭᠠᠯᠠᠭ ᠲᠠᠮᠢᠷ︾ ᠷᠤᠮᠠᠨ ᠶᠠᠭ ᠯᠡ ᠲᠠᠮᠢᠷ ᠤᠨ ᠭᠤᠤᠯ ᠰᠢᠭ᠋ ᠢᠶᠠᠨ ᠲᠤᠩᠭᠠᠯᠠᠭ ᠪᠠᠶᠢᠳᠠᠭ ᠨᠢ ᠲᠤᠩᠭᠠᠬᠤ ᠶᠢᠨ ᠶᠡᠭᠡ ᠤᠷᠤᠨ ᠵᠠᠢ ᠶᠢ ᠲᠤᠭᠤᠯᠤᠭᠰᠠᠨ ᠤ ᠬᠢ ᠪᠠᠶᠢᠬᠤ ᠳ᠋ᠠ᠃    ᠤᠳᠤ ᠪᠢ ᠶᠠᠭ ᠡᠨᠡ ᠠᠭᠱᠠᠨ ᠳᠤ ᠪᠤᠰᠴᠤ ᠵᠤᠭᠰᠤᠭᠠᠳ ᠦᠬᠡᠨ ᠤ ᠠᠭᠤᠷᠬᠠᠢ ᠠᠴᠠ ᠠᠯᠳᠠ ᠲᠤᠩᠭᠠᠬᠤ ᠪᠠᠷ ᠶᠠᠪᠤᠬᠤ ᠬᠡᠬᠦ ᠳᠤ ᠬᠡᠷᠡᠭᠯᠡᠬᠡᠳ ᠲᠠᠳᠤᠭᠰᠠᠨ ᠬᠡᠳᠦᠨ ᠦᠬᠡ ᠮᠠᠨᠢ ᠬᠠᠨᠴᠤᠢ ᠠᠴᠠ ᠲᠠᠳᠠᠭᠠᠳ ︽ᠮᠠᠷᠭᠠᠰᠢ ᠲᠠ ᠬᠡᠰᠢᠭ ᠲᠠᠢ ᠤᠤ︾ ᠬᠡᠵᠤ ᠠᠰᠠᠭᠤᠪᠠ᠃ ᠬᠠᠷᠢᠭᠤ ᠳᠤ ᠨᠢ ᠪᠢ ︽ᠬᠡᠰᠢᠭ ᠲᠠᠢ᠂ ︿ᠠᠶᠢᠯ ᠤᠨ ᠪᠠᠵᠠᠭ᠎ᠠ﹀ ᠲᠠᠢ ᠠᠭᠤᠯᠵᠠᠬᠤ ᠪᠠᠷ ᠤᠴᠢᠨ᠎ᠠ︾ ᠬᠡᠪᠡ᠃
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号