ᠬᠦᠮᠦᠨ ᠶᠢᠷᠲᠢᠨᠴᠤ ᠳᠤ ᠠᠮᠢᠳᠤᠷᠠᠨ ᠤᠷᠤᠰᠢᠬᠤ ᠳᠤ ᠤᠶᠤᠨ ᠤᠬᠠᠭᠠᠨ ᠰᠡᠷᠭᠡᠭ ᠪᠠᠶᠢᠵᠤ᠂ ᠶᠢᠷᠲᠢᠨᠴᠤ | ᠶᠢᠨ ᠦᠢᠯᠡ ᠶᠠᠪᠤᠳᠠᠯ ᠪᠦᠬᠦᠨ ᠢ ᠵᠦᠪ ᠢᠶᠠᠷ ᠲᠤᠩᠭᠠᠵᠤ᠂ ᠮᠦᠨᠴᠤ ᠲᠡᠬᠦᠨ ᠳᠤ ᠬᠠᠨᠳᠤᠬᠤ ᠤᠪᠤᠷ ᠪᠠ ᠦᠢᠯᠡ | ᠠᠵᠢᠯᠯᠠᠭ᠎ᠠ ᠪᠠᠨ ᠵᠦᠪ ᠪᠠᠷᠢᠵᠤ ᠴᠢᠳᠠᠬᠤ ᠨᠢ ᠬᠤᠪᠢ ᠪᠡᠶ᠎ᠡ ᠰᠡᠳᠬᠢᠯ ᠤᠨ ᠡᠷᠡᠬᠦᠯ ᠮᠡᠨᠳᠦ ᠳᠤ ᠲᠤᠶᠢᠯ ᠤᠨ ᠶᠡᠭᠡ | ᠠᠴᠢ ᠲᠤᠰᠠ ᠲᠠᠢ ᠶᠤᠮ᠃ ᠡᠬᠦᠨ ᠤ ᠡᠰᠡᠷᠬᠦ ᠪᠠᠷ ᠤᠶᠤᠨ ᠤᠬᠠᠭᠠᠨ ᠪᠠᠭᠤᠷᠠᠢ ᠬᠦᠮᠦᠨ ᠨᠢ ᠶᠢᠷᠲᠢᠨᠴᠤ ᠶᠢᠨ | ᠤᠴᠢᠷ ᠶᠤᠰᠤ ᠶᠢ ᠵᠦᠪ ᠢᠶᠠᠷ ᠲᠤᠩᠭᠠᠵᠤ ᠴᠢᠳᠠᠬᠤ ᠦᠬᠡᠢ ᠠᠴᠠ ᠲᠡᠬᠦᠨ ᠳᠤ ᠬᠠᠨᠳᠤᠬᠤ ᠤᠪᠤᠷ ᠪᠠ ᠪᠡᠶ᠎ᠡ ᠬᠡᠯᠡ | ᠰᠡᠳᠬᠢᠯ ᠤᠨ ᠦᠢᠯᠡ ᠶᠢᠨ ᠵᠦᠪ ᠮᠦᠷ ᠢ ᠪᠠᠷᠢᠮᠲᠠᠯᠠᠵᠤ ᠴᠢᠳᠠᠬᠤ ᠦᠭᠡᠢ ᠠᠴᠠ ᠪᠤᠯᠵᠤ ᠠᠮᠢᠳᠤᠷᠠᠯ ᠲᠤᠮᠲᠠ ᠮᠠᠭᠠᠳ | ᠤᠯᠠᠨ ᠭᠠᠢ ᠪᠠᠷᠴᠢᠳ ᠲᠤᠯᠭᠠᠷᠠᠬᠤ ᠨᠢ ᠵᠠᠶᠢᠯᠠᠰᠢ ᠦᠬᠡᠢ ᠃ ᠬᠡᠬᠦ ᠳᠤ ᠮᠤᠩᠭᠤᠯ ᠠᠨᠠᠭᠠᠬᠤ ᠤᠬᠠᠭᠠᠨ ᠳᠤ | ᠤᠶᠤᠨ ᠤᠬᠠᠭᠠᠨ ᠢᠶᠠᠨ ᠰᠡᠷᠭᠡᠢ ᠪᠤᠯᠭᠠᠬᠤ ᠰᠤᠷᠭᠠᠯ ᠰᠤᠪᠢᠯᠠᠯᠲᠠ ᠶᠢᠨ ᠠᠭᠤᠯᠭ᠎ᠠ ᠲᠤᠶᠢᠯ ᠤᠨ ᠤᠯᠠᠨ ᠪᠦᠭᠡᠳ | ᠬᠦᠨ ᠪᠠᠶᠢᠳᠠᠭ᠃ | ︽ᠠᠯᠳᠠᠨ ᠬᠠᠳᠠᠮᠠᠯ︾ ᠳᠤ ︽ᠪᠡᠶ᠎ᠡ ᠬᠡᠯᠡ ᠰᠡᠳᠬᠢᠯ ᠭᠤᠷᠪᠠ ᠶᠢᠨ ᠠᠯᠢᠨ ᠢ ᠴᠤ ᠬᠡᠵᠢᠶᠡᠳᠡ ᠬᠡᠷᠰᠡᠤ᠂ | ᠲᠦᠯᠭᠡᠨ᠂ ᠠᠭᠤᠵᠢᠮ ᠲᠠᠯᠪᠢᠭᠤ ᠪᠠᠶᠢᠯᠭᠠᠵᠤ᠂ ᠬᠡᠨ ᠬᠦᠮᠦᠨ ᠲᠠᠢ ᠴᠤ ᠰᠠᠭᠤᠵᠤ ᠶᠠᠪᠤᠪᠠᠰᠤ ᠡᠶ᠎ᠡ ᠡᠪᠲᠡᠢ᠂ | ᠨᠦᠬᠦᠷᠯᠠᠨ ᠬᠠᠨᠢᠯᠠᠳᠤᠭᠠᠢ᠂ ᠦᠪᠡᠷ ᠤᠨ ᠪᠡᠶ᠎ᠡ ᠳᠤ ᠴᠢᠨᠢ ᠬᠤᠤᠷᠯᠠᠨ ᠦᠢᠯᠡᠳᠬᠦ ᠠᠯᠢᠪᠠ ᠲᠠᠶᠢᠰᠤᠨ ᠢ ᠴᠤ ᠠᠶ᠎ᠠ ᠶᠢ | ᠨᠢ ᠦᠵᠡᠵᠤ ᠦᠰᠢᠶᠡᠷᠬᠡᠨ ᠦᠷᠢᠰᠦᠯᠳᠦᠬᠦ ᠦᠭᠡᠢ ᠪᠠᠷ ᠰᠡᠳᠬᠢᠯ ᠳᠤ ᠪᠠᠨ ᠠᠭᠤᠵᠢᠮ ᠲᠠᠯᠪᠢᠭᠤ ᠠᠭᠤᠯᠵᠤ᠂ | ᠮᠡᠷᠭᠡᠨ ᠠᠷᠭ᠎ᠠ ᠪᠠᠷ ᠨᠤᠮᠤᠬᠠᠳᠬᠠᠵᠤ ᠦᠢᠯᠡᠳ︾ ︽ᠪᠤᠰᠤᠳ ᠬᠦᠮᠦᠨ ᠤ ᠦᠬᠦᠯᠡᠭᠰᠡᠨ ᠪᠦᠬᠦᠳᠡ ᠶᠢ ᠲᠡᠷᠡ ᠬᠡᠪ | ᠢᠶᠠᠷ ᠨᠢ ᠦᠨᠡᠨ ᠢᠶᠠᠷ ᠪᠠᠷᠢᠬᠤ ᠦᠬᠡᠢ ᠪᠠᠷ ᠰᠠᠶᠢᠳᠤᠷ ᠠᠵᠢᠭᠯᠠᠨ ᠰᠢᠨᠵᠢᠯᠡᠭᠡᠳ ᠮᠠᠭᠠᠳ ᠦᠨᠡᠨ ᠢ ᠨᠢ ᠤᠯᠤᠭᠰᠠᠨ | ᠬᠤᠶᠢᠨ᠎ᠠ ᠭᠤᠤᠯ ᠤᠳᠬ᠎ᠠ ᠶᠢ ᠪᠠᠷᠢ᠂ ᠦᠪᠡᠷ ᠤᠨ ᠶᠠᠷᠢᠵᠤ ᠦᠬᠦᠯᠡᠬᠦ ᠪᠦᠬᠦᠳᠡ ᠶᠢ ᠨᠢᠭᠡᠳ ᠨᠢᠭᠡ ᠪᠠᠷ ᠤᠶᠤᠨ | ᠤᠬᠠᠭᠠᠨ ᠳᠤ ᠪᠠᠨ ᠲᠤᠩᠭᠠᠭᠠᠵᠤ ᠦᠬᠦᠯᠡᠭᠡᠳ ᠦᠪᠡᠷ ᠢᠶᠠᠨ ᠲᠡᠷᠡ ᠬᠡᠷᠡᠭ ᠤᠨ ᠭᠤᠤᠯ ᠲᠤᠪᠴᠢ ᠶᠢ ᠪᠠᠷᠢ᠃︾ | ︽ᠶᠠᠮᠠᠷ ᠨᠢᠬᠡᠨ ᠠᠵᠢᠯ ᠦᠢᠯᠡᠰ ᠲᠤ ᠬᠤᠶᠢᠨ᠎ᠠ ᠨᠢ ᠬᠡᠮᠰᠢᠬᠦ ᠦᠬᠡᠢ ᠶᠢᠨ ᠲᠤᠯᠠᠳᠠ ᠤᠷᠢᠳᠠᠪᠠᠷ ᠨᠢᠭᠳᠠᠯᠠᠨ | ᠪᠤᠳᠤᠵᠤ ᠂ ᠡᠴᠦᠰ ᠤᠨ ᠦᠷ᠎ᠡ ᠳ᠋ᠦᠩ ᠢ ᠨᠢ ᠪᠤᠳᠤᠭᠰᠠᠨ ᠬᠤᠶᠢᠨ᠎ᠠ ᠰᠠᠶ᠋ᠢ ᠬᠢᠳᠦᠭᠡᠢ᠃︾ ︽ᠦᠪᠡᠷ ᠢᠶᠠᠨ ᠴᠠᠭ | ᠢᠮᠠᠭᠲᠠ ᠶᠠᠪᠤᠳᠠᠯ ᠪᠦᠬᠦᠨ ᠳᠤ ᠰᠡᠳᠬᠢᠯ ᠤᠨ ᠬᠦᠴᠦᠨ ᠢᠶᠠᠨ ᠮᠠᠰᠢᠳᠠ ᠰᠢᠳᠦᠷᠭᠤᠳᠬᠠᠵᠤ᠂ ᠠᠭᠤᠵᠢᠮ ᠲᠠᠯᠪᠢᠭᠤ | ᠪᠠᠶᠢᠵᠤ᠂ ᠤᠶᠤᠨ ᠰᠠᠨᠠᠭᠠᠨ ᠳᠤ ᠪᠠᠨ ᠲᠤᠭᠤᠷᠪᠢᠨ ᠪᠤᠳᠤᠵᠤ ᠬᠦᠢᠴᠡᠳᠭᠡᠬᠦ ᠬᠡᠷᠡᠭᠲᠠᠢ᠃︾ ᠬᠡᠵᠤ ᠤᠶᠤᠨ | ᠤᠬᠠᠭᠠᠨ ᠢᠶᠠᠨ ᠰᠡᠷᠭᠡᠭᠵᠢᠬᠦᠯᠵᠤ ᠬᠡᠷᠡᠭ ᠶᠠᠪᠤᠳᠠᠯ ᠳᠤ ᠵᠦᠪ ᠬᠠᠨᠳᠤᠬᠤ ᠲᠤᠬᠠᠢ ᠮᠠᠰᠢ ᠤᠯᠠᠨ ᠲᠠᠯ᠎ᠠ ᠪᠠᠷ᠂ ᠮᠠᠰᠢ | ᠬᠦᠨ ᠠᠭᠤᠯᠭ᠎ᠠ ᠪᠠᠷ ᠰᠤᠷᠭᠠᠭᠰᠠᠨ ᠪᠠ ᠲᠡᠬᠦᠨ ᠤ ᠠᠴᠢ ᠲᠤᠰᠠ ᠨᠢ ︽ᠡᠬᠢᠯᠡᠬᠡᠳ ᠬᠦᠮᠦᠨ ᠤ ᠪᠤᠭᠤᠯ ᠵᠠᠷᠤᠳᠠᠰᠤ | ᠶᠢᠨ ᠶᠤᠰᠤ ᠪᠠᠷ ᠵᠠᠷᠤᠭᠳᠠᠵᠤ ᠪᠠᠶᠢᠭᠰᠠᠨ ᠴᠤ ᠠᠯᠤᠰ ᠬᠡᠳᠤ ᠳᠤ ᠪᠠᠨ ᠤᠯᠠᠨ ᠠᠷᠠᠳ ᠤᠨ ᠨᠤᠶᠠᠨ ᠪᠤᠯᠬᠤ ᠳᠤ | ᠶᠠᠮᠠᠷᠴᠤ ᠲᠦᠳᠡᠭᠡᠯᠵᠡᠯ ᠦᠬᠡᠢ ᠪᠦᠭᠡᠳ ᠢᠷᠠᠭᠤ ᠠᠯᠳᠠᠷ ᠴᠤ ᠠᠶᠠᠨᠳᠠᠭᠠᠨ ᠵᠦᠭ ᠪᠦᠬᠦᠨ ᠳᠤ ᠲᠦᠭᠡᠬᠦ ᠪᠤᠯᠤᠨ᠎ᠠ︾ | ᠬᠡᠵᠤ ᠤᠶᠤᠨ ᠤᠬᠠᠭᠠᠨ ᠦᠨᠳᠦᠷ ᠬᠦᠮᠦᠨ ᠪᠤᠯ ᠬᠦᠮᠦᠰ ᠤᠨ ᠬᠦᠷᠢᠶᠡᠯᠡᠯ ᠢ ᠤᠯᠵᠤ᠂ ᠨᠡᠶᠢᠬᠡᠮ ᠤᠨ ᠪᠠᠶᠢᠷᠢ | ᠰᠠᠭᠤᠷᠢ ᠲᠠᠪᠰᠢᠵᠤ ᠤᠯᠠᠨ ᠤ ᠬᠦᠨᠳᠦᠳᠭᠡᠯ ᠢ ᠤᠯᠤᠭᠠᠳ ᠠᠯᠳᠠᠷ ᠨᠡᠷ᠎ᠡ ᠮᠦᠩᠭᠡᠷᠡᠬᠦ ᠶᠤᠮ ᠬᠡᠵᠤ ᠬᠡᠯᠡᠭᠰᠡᠨ | ᠪᠠᠶᠢᠨ᠎ᠠ᠃ | ᠤᠶᠤᠨ ᠤᠬᠠᠭᠠᠨ ᠰᠡᠷᠭᠡᠭ ᠪᠠᠶᠢᠬᠤ ᠳᠤ ᠨᠢᠭᠡ ᠳᠤ᠂ ᠤᠴᠢᠷ ᠶᠠᠪᠤᠳᠠᠯ ᠳᠤ ᠬᠡᠷᠰᠡᠤ ᠪᠠᠶᠢᠬᠤ᠃ ᠬᠤᠶᠠᠷ ᠲᠤ | ᠂ ᠠᠯᠢᠪᠠ ᠨᠠᠵᠠᠭᠠᠢ ᠤᠴᠢᠷ ᠶᠠᠪᠤᠳᠠᠯ ᠢ ᠬᠦᠯᠢᠶᠡᠨ ᠠᠪᠴᠤ᠂ ᠵᠦᠪ ᠰᠢᠢᠳᠪᠦᠷᠢᠯᠡᠬᠦ᠃ ᠠᠮᠢᠳᠤᠷᠠᠯ ᠳᠤ | ᠢᠨᠢᠶᠡᠮᠰᠦᠭᠯᠡᠯ ᠲᠤᠭᠳᠠᠵᠤ ᠰᠠᠳᠬᠢᠯ ᠤᠨ ᠨᠠᠵᠠᠭᠠᠢ ᠤᠷᠴᠢᠨ ᠲᠤᠭᠤᠷᠢᠨ ᠠᠴᠠ ᠵᠠᠶᠢᠳᠠᠵᠤ᠂ ᠪᠡᠶ᠎ᠡ ᠰᠡᠳᠬᠢᠯ ᠤᠨ | ᠡᠷᠡᠬᠦᠯ ᠴᠢᠬᠢᠷᠠᠭ ᠢᠶᠠᠨ ᠬᠠᠮᠠᠭᠠᠯᠠᠵᠤ ᠴᠢᠳᠠᠬᠤ ᠨᠢ ᠯᠠᠪᠲᠠᠢ ᠶᠤᠮ᠃ ᠨᠢᠭᠡᠨ ᠮᠡᠷᠭᠡᠳ ᠤᠨ ᠬᠡᠯᠡᠭᠰᠡᠨ ︽ᠠᠮᠢᠳᠤᠷᠠᠯ | ᠪᠤᠯ ᠨᠢᠭᠡᠨ ᠲᠤᠯᠢ ᠠᠳᠠᠯᠢ᠂ ᠴᠢ ᠲᠡᠬᠦᠨ ᠳᠤ ᠢᠨᠢᠶᠡᠪᠡᠯ᠂ ᠲᠡᠷᠡ ᠪᠠᠰᠠ ᠴᠢᠮ᠎ᠠ ᠳᠤ ᠢᠨᠢᠶᠡᠮᠰᠦᠭᠯᠡᠯ ᠢᠶᠠᠷ | ᠬᠠᠨᠳᠤᠬᠤ᠂ ᠴᠢ ᠬᠡᠷᠪᠡ ᠤᠬᠢᠯᠠᠪᠠᠯ ᠲᠡᠷᠡ ᠪᠠᠰᠠ ᠴᠢᠮ᠎ᠠ ᠳᠤ ᠤᠬᠢᠯᠠᠬᠤ ᠲᠦᠷᠢ ᠪᠠᠨ ᠦᠵᠡᠬᠦᠯᠳᠡᠭ︾ ᠭᠡᠳᠡᠭ ᠨᠢ | ᠠᠮᠢᠳᠤᠷᠠᠯ ᠤᠨ ᠰᠠᠶᠢᠬᠠᠨ ᠢ ᠦᠵᠡᠬᠦ ᠤᠶᠤᠨ ᠤᠬᠠᠭᠠᠨ ᠢᠶᠠᠨ ᠦᠪᠡᠷ ᠤᠨ ᠭᠠᠷ ᠲᠤ ᠪᠠᠨ ᠪᠠᠷᠢᠵᠤ ᠪᠤᠢ ᠬᠡᠰᠡᠨ ᠢ | ᠰᠡᠩᠬᠡᠷᠡᠬᠦᠯᠵᠠᠢ᠃ | ᠨᠠᠭᠤᠨᠪᠢᠯᠢᠭ᠌ ᠤᠨ ︽ᠮᠤᠩᠭᠤᠯ ᠠᠨᠠᠭᠠᠬᠤ ᠤᠬᠠᠭᠠᠨ ᠤ | ᠠᠮᠢ ᠰᠤᠪᠢᠯᠠᠯ ᠤᠨ ᠦᠬᠦᠯᠡᠮᠵᠢ︾ ᠠᠴᠠ ᠪᠠᠭᠤᠯᠭᠠᠪᠠ | | |