ᠰᠡᠳᠬᠢᠴᠡ  ᠰᠤᠪᠢᠯᠠᠯᠲᠠ
ᠨᠡᠶᠢᠲᠡᠯᠡᠭᠰᠡᠨ ᠴᠠᠭ᠄
2020/12/10
   ᠬᠦᠮᠦᠨ ᠪᠤᠯ ᠪᠡᠶ᠎ᠡ ᠰᠡᠳᠬᠢᠯ ᠬᠤᠶᠠᠷ ᠲᠠᠯ᠎ᠠ ᠶᠢᠨ ᠡᠯᠧᠮᠧᠨ᠋ᠲ ᠢᠶᠠᠷ ᠨᠢᠬᠡᠳᠤᠨ ᠪᠦᠳᠦᠭᠰᠡᠨ ᠪᠦᠬᠦᠯᠢ  ᠴᠤᠭᠴᠠ ᠪᠠᠶᠢᠬᠤ ᠳᠤ᠂ ᠡᠷᠡᠬᠦᠯ ᠮᠡᠨᠳᠤ ᠶᠢᠨ ᠦᠵᠡᠭᠳᠡᠯ ᠨᠢ ᠴᠤ ᠪᠡᠶ᠎ᠡ ᠪᠠ ᠰᠡᠳᠬᠢᠯ ᠬᠤᠶᠠᠷ ᠲᠠᠯ᠎ᠠ ᠪᠠᠷ ᠢᠯᠡᠷᠡᠵᠤ  ᠪᠠᠶᠢᠳᠠᠭ ᠶᠤᠮ᠃ ᠲᠡᠷᠡ ᠮᠦᠷᠳᠡᠭᠡᠨ ᠰᠡᠳᠬᠢᠴᠡ ᠶᠢᠨ ᠡᠷᠡᠬᠦᠯ ᠪᠠᠶᠢᠬᠤ ᠨᠢ ᠪᠡᠶ᠎ᠡ ᠶᠢᠨ ᠡᠷᠡᠬᠦᠯ ᠴᠢᠬᠢᠷᠠᠭ ᠪᠠᠶᠢᠬᠤ   ᠳᠤ ᠮᠠᠰᠢ ᠶᠡᠭᠡ ᠨᠦᠯᠦᠭᠡᠯᠡᠬᠦ ᠦᠢᠯᠡᠳᠦᠯ ᠲᠠᠢ ᠪᠠᠶᠢᠬᠤ ᠪᠠᠷ ᠪᠠᠷᠠᠬᠤ ᠦᠬᠡᠢ᠂ ᠢᠯᠡᠩᠭᠤᠶ᠎ᠠ ᠬᠦᠮᠦᠨ ᠤ ᠴᠢᠨᠠᠷ ︵人格︶ ᠤᠨ ᠡᠷᠡᠬᠦᠯ ᠴᠢᠬᠢᠷᠠᠭ ᠪᠠᠶᠢᠬᠤ ᠶᠢᠨ ᠦᠨᠳᠦᠰᠦ ᠪᠤᠯᠬᠤ ᠶᠤᠮ᠃ ᠰᠡᠳᠬᠢᠴᠡ ᠪᠤᠯ ᠲᠠᠷᠢᠬᠢᠨ ᠤ  ᠴᠢᠳᠠᠪᠤᠷᠢ ᠂ ᠪᠤᠰᠤᠳᠴᠢ ᠠᠬᠤᠢ ᠶᠢᠨ ᠲᠤᠬᠠᠢ ᠪᠡᠶᠡᠴᠢ ᠲᠤᠰᠬᠠᠯ ᠪᠤᠯᠬᠤ ᠶᠤᠮ᠃ ᠰᠡᠳᠬᠢᠴᠡ ᠶᠢᠨ ᠦᠵᠡᠭᠳᠡᠯ ᠳᠤ  ᠲᠠᠨᠢᠯᠲᠠ ︵认知︶ ᠤᠷᠮ᠎ᠠ ᠰᠡᠳᠬᠢᠯᠭᠡ ︵情感︶ ᠵᠤᠷᠢᠯᠲᠠ ︵意志︶ ᠬᠡᠬᠦ ᠭᠤᠷᠪᠠᠨ ᠲᠠᠯ᠎ᠠ ᠶᠢᠨ  ᠠᠭᠤᠯᠭ᠎ᠠ ᠪᠠᠭᠳᠠᠵᠤ᠂ ᠲᠡᠷᠡ ᠨᠢ ᠬᠦᠮᠦᠨ ᠤ ᠠᠮᠢᠳᠤᠷᠠᠯ ᠤᠨ ᠠᠯᠢᠪᠠ ᠰᠠᠶᠢᠨ ᠮᠠᠭᠤ᠂ ᠵᠦᠪ ᠪᠤᠷᠤᠭᠤ ᠶᠢ ᠢᠯᠭᠠᠨ  ᠲᠠᠨᠢᠬᠤ᠂ ᠵᠢᠷᠭᠠᠯ ᠵᠤᠪᠠᠯᠠᠩ ᠢ ᠬᠦᠷᠳᠡᠨ ᠠᠮᠰᠠᠭᠴᠢ ᠶᠢᠨ ᠲᠤᠰᠬᠠᠯ ᠪᠡᠶ᠎ᠡ ᠪᠤᠯᠬᠤ ᠪᠦᠭᠡᠳ ᠮᠦᠨᠴᠦ ᠬᠦᠮᠦᠨ ᠤ  ᠦᠵᠡᠯ ᠰᠠᠨᠠᠭ᠎ᠠ᠂ ᠤᠶᠤᠨ ᠤᠬᠠᠭᠠᠨ᠂ ᠬᠠᠶᠢᠷ᠎ᠠ ᠰᠡᠳᠬᠢᠯᠭᠡ ᠶᠢᠨ ᠢᠯᠡᠷᠡᠬᠦᠯᠦᠯᠲᠡ ᠪᠠᠶᠢᠵᠤ᠂ ᠡᠬᠦᠨ ᠢᠶᠠᠷ ᠢᠶᠠᠨ  ᠬᠦᠮᠦᠨ ᠤ ᠦᠢᠯᠡ ᠠᠵᠢᠯᠯᠠᠭ᠎ᠠ ᠶᠢ ᠵᠢᠯᠤᠭᠤᠳᠤᠨ ᠵᠠᠬᠢᠷᠬᠤ ᠭᠤᠯᠤᠮᠲᠠ ᠪᠤᠯᠬᠤ ᠶᠤᠮ᠃ ︽ᠢᠳᠡᠭᠡᠨ ᠤᠮᠳᠠᠭᠠᠨ ᠤ  ᠵᠢᠩᠬᠢᠨᠢ ᠲᠤᠪᠴᠢ︾ ᠳᠤ  ︽ᠬᠦᠮᠦᠨ ᠤ ᠠᠵᠤ ᠲᠦᠷᠦᠬᠦᠢ ᠳᠤᠷ ᠰᠡᠳᠬᠢᠯ ᠢᠨᠤ ᠡᠷᠬᠢᠮ ᠪᠤᠯᠠᠢ᠃ ᠰᠡᠳᠬᠢᠯ  ᠪᠤᠯᠪᠠᠰᠤ ᠦᠪᠴᠢ ᠪᠡᠶ᠎ᠡ ᠶᠢᠨ ᠲᠡᠭᠡᠳᠦ ᠵᠠᠬᠢᠷᠭ᠎ᠠ ᠪᠦᠭᠡᠳ ᠶᠠᠪᠤᠳᠠᠯ ᠪᠦᠬᠦᠨ ᠢ ᠦᠢᠯᠡᠳᠬᠦ ᠶᠢᠨ ᠦᠨᠳᠦᠰᠦᠨ  ᠰᠠᠭᠤᠷᠢ ᠮᠥᠨ ᠪᠦᠯᠦᠭᠡ︾ ᠬᠡᠵᠤ ᠵᠢᠭᠠᠵᠤ ᠭᠠᠷᠭᠠᠭᠰᠠᠨ ᠪᠠᠶᠢᠵᠠᠢ᠃ ᠡᠶᠢᠮᠤ ᠠᠴᠠ ᠰᠡᠳᠬᠢᠴᠡ ᠶᠢᠨ ᠪᠠᠶᠢᠳᠠᠯ  ᠰᠠᠶᠢᠨ ᠮᠠᠭᠤ᠂ ᠡᠷᠡᠬᠦᠯ ᠡᠰᠡᠬᠦ ᠨᠢ ᠬᠦᠮᠦᠨ ᠤ ᠠᠮᠢᠳᠤᠷᠠᠯ ᠤᠨ ᠵᠤᠯ ᠵᠢᠷᠭᠠᠯ ᠢ ᠡᠳ᠋ᠯᠡᠵᠤ ᠴᠢᠳᠠᠬᠤ ᠡᠰᠡᠬᠦ᠂ ᠦᠵᠡᠯ  ᠰᠠᠨᠠᠭ᠎ᠠ᠂ ᠤᠤᠨ ᠤᠬᠠᠭᠠᠨ ᠤ ᠪᠤᠯᠪᠠᠰᠤᠨ ᠦᠨᠳᠦᠷ ᠪᠤᠭᠤᠨᠢ ᠪᠠᠶᠢᠬᠤ ᠵᠢᠴᠢ ᠬᠦᠮᠦᠨ ᠤ ᠨᠡᠶᠢᠭᠡᠮ ᠳᠤ ᠦᠵᠡᠬᠦᠯᠬᠦ  ᠦᠢᠯᠡ ᠠᠵᠢᠯᠯᠠᠭ᠎ᠠ ᠶᠢᠨ ᠡᠷᠡᠬᠦᠯ ᠡᠰᠡᠬᠦ ᠲᠠᠢ ᠨᠢᠭᠲᠠ ᠬᠤᠯᠪᠤᠭᠳᠠᠬᠤ ᠶᠤᠮ᠃          ︽ᠢᠳᠡᠭᠡᠨ ᠤᠮᠳᠠᠭᠠᠨ ᠤ ᠵᠢᠩᠬᠢᠨᠢ ᠲᠤᠪᠴᠢ︾ ᠳᠤ ᠠᠮᠢ ᠰᠤᠪᠢᠯᠠᠯ ᠤᠨ ᠪᠤᠳᠠᠳᠤ ᠠᠭᠤᠯᠭ᠎ᠠ ᠶᠢ  ᠦᠬᠦᠯᠡᠬᠦ  ᠳᠤ ᠪᠠᠨ᠄ ︽ᠪᠡᠶ᠎ᠡ ᠪᠠᠨ ᠰᠠᠶᠢᠳᠤᠷ ᠰᠤᠪᠢᠯᠠᠨ ᠲᠡᠵᠢᠭᠡᠭᠴᠢ ᠪᠤᠯᠪᠠᠰᠤ ᠮᠢᠬ᠎ᠠ ᠲᠤᠰᠤ ᠶᠢ ᠬᠡᠳᠦᠷᠭᠡᠢ  ᠡᠳ᠋ᠯᠡᠬᠦ ᠦᠬᠡᠢ ᠂ ᠡᠯᠳᠡᠪ  ᠪᠤᠰᠤ  ᠪᠤᠳᠤᠯ  ᠰᠠᠨᠠᠭ᠎ᠠ   ᠪᠠᠨ ᠲᠡᠪᠴᠢᠵᠤ᠂ ᠲᠠᠴᠢᠶᠠᠩᠭᠤᠢ  ᠬᠦᠰᠡᠯ   ᠢᠶᠠᠨ   ᠬᠢᠵᠠᠭᠠᠷᠯᠠᠨ  ᠂ ᠬᠡᠳᠦᠷᠬᠡᠢ ᠪᠠᠶᠠᠷᠯᠠᠬᠤ ᠬᠢᠯᠢᠩᠯᠡᠬᠦ ᠶᠢ ᠴᠡᠭᠡᠷᠯᠡᠵᠤ᠂ ᠲᠠᠮᠢᠷ ᠬᠦᠴᠦᠨ ᠢᠶᠠᠨ ᠬᠠᠶᠢᠷᠠᠯᠠᠨ ᠦᠭᠡ  ᠶᠠᠷᠢᠶ᠎ᠠ ᠪᠠᠨ ᠴᠤᠮᠬᠠᠳᠬᠠᠵᠤ᠂ ᠦᠯᠦ ᠠᠯᠳᠠᠬᠤ ᠶᠢ ᠬᠦᠩᠭᠡᠪᠴᠢᠯᠡᠨ᠂ ᠵᠤᠪᠠᠨᠢᠯ ᠭᠤᠳᠤᠷᠠᠯ ᠢ ᠲᠡᠪᠴᠢᠨ᠂ ᠲᠡᠮᠡᠢ  ᠪᠠᠯᠠᠢ ᠬᠦᠰᠡᠯ ᠮᠦᠷᠦᠭᠡᠳᠦᠯ ᠬᠦᠰᠡᠯᠡᠩ ᠢ ᠠᠷᠢᠯᠭᠠᠨ᠂ ᠵᠦᠢ ᠪᠤᠰᠤ ᠲᠤᠷᠠᠰᠢᠯ ᠪᠠ ᠵᠢᠭᠰᠢᠮᠡᠳᠡᠭᠡᠢ ᠠᠴᠠ ᠵᠠᠶᠢᠳᠠᠵᠤ᠂  ᠬᠠᠷᠠᠭ᠎ᠠ ᠰᠤᠨᠤᠷ ᠢᠶᠠᠨ ᠬᠤᠷᠢᠶᠠᠨ᠂ ᠲᠤᠳᠤᠷ ᠲᠠᠮᠢᠷ ᠤᠨ ᠪᠠᠳᠤᠳᠬᠠᠯ ᠳᠤ ᠬᠢᠴᠢᠶᠡᠩᠭᠦᠶᠢᠯᠡᠵᠤ᠂ ᠤᠶᠤᠨ ᠰᠠᠨᠠᠭ᠎ᠠ   ᠪᠠᠨ ᠦᠯᠦ ᠵᠤᠪᠠᠭᠠᠨ᠂ ᠪᠡᠶ᠎ᠡ ᠮᠠᠬᠠᠪᠤᠳ ᠢᠶᠠᠨ ᠦᠯᠦ ᠵᠦᠳᠡᠷᠡᠬᠦᠯᠵᠤ᠂ ᠤᠶᠤᠨ ᠰᠠᠨᠠᠭ᠎ᠠ ᠪᠠ ᠪᠡᠶ᠎ᠠ ᠮᠠᠬᠠᠪᠤᠳ  ᠠᠮᠤᠷᠯᠢᠩᠭᠤᠢ ᠪᠤᠯᠪᠠᠰᠤ ᠡᠪᠡᠳᠴᠢᠨ ᠵᠤᠪᠠᠯᠠᠩ ᠳᠤᠷ ᠶᠠᠭᠤᠨ ᠨᠡᠷᠪᠡᠭᠳᠡᠬᠦ ᠠᠵᠢ︾ ᠬᠡᠵᠤ ᠲᠤᠷᠠᠳᠤᠭᠰᠠᠨ ᠪᠠᠶᠢᠳᠠᠭ᠃  ᠡᠬᠦᠨ ᠠᠴᠠ ᠦᠵᠡᠬᠦ ᠳᠤ ᠰᠡᠳᠬᠢᠴᠡ ᠶᠢᠨ ᠰᠤᠪᠢᠯᠠᠯᠲᠠ ᠨᠢ ᠪᠦᠬᠦᠯᠢ ᠠᠮᠢ ᠰᠤᠪᠢᠯᠠᠯ ᠳᠤ ᠬᠡᠴᠢᠨᠡᠨ ᠶᠡᠭᠡ ᠠᠴᠢ  ᠲᠤᠰᠠ ᠲᠠᠢ᠂ ᠬᠡᠴᠢᠨᠡᠨ ᠶᠡᠭᠡ ᠪᠠᠶᠢᠷᠢ ᠰᠠᠭᠤᠷᠢ ᠶᠢ ᠡᠵᠡᠯᠡᠵᠤ ᠪᠠᠶᠢᠬᠤ ᠶᠢ ᠮᠡᠳᠡᠵᠤ ᠪᠤᠯᠤᠨ᠎ᠠ᠃            ᠲᠡᠯᠡᠬᠡᠢ ᠶᠢᠨ ᠡᠷᠡᠬᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠲᠠ ︵WHO︶ ᠠᠴᠠ ᠰᠡᠳᠬᠢᠴᠡ   ᠶᠢᠨ ᠡᠷᠡᠬᠦᠯ ᠴᠢᠬᠢᠷᠠᠭ ᠤᠨ ᠪᠠᠷᠢᠮᠵᠢᠶ᠎ᠠ ᠶᠢ ᠲᠤᠤᠷᠠᠬᠢ ᠮᠡᠳᠤ 7 ᠵᠤᠷᠪᠤᠰ ᠢᠶᠠᠷ ᠳ᠋ᠦᠩᠨᠡᠵᠠᠢ᠃            1᠂ ᠤᠶᠤᠨ ᠤᠬᠠᠭᠠᠨ ᠡᠷᠡᠬᠦᠯ᠃            2᠂ ᠦᠪᠡᠷ ᠤᠨ ᠤᠷᠮ᠎ᠠ ᠵᠤᠷᠢᠭ᠂ ᠵᠠᠩ ᠠᠭᠠᠰᠢ ᠪᠠᠨ ᠲᠤᠬᠢᠷᠠᠭᠤᠯᠵᠤ ᠴᠢᠳᠠᠬᠤ᠃            3᠂ ᠨᠡᠯᠢᠶᠡᠳ ᠦᠨᠳᠦᠷ ᠬᠡᠮᠵᠢᠶᠡᠨ ᠤ ᠵᠤᠷᠢᠭ ᠰᠦᠯᠲᠡ ᠪᠠ ᠪᠤᠯᠪᠠᠰᠤᠨ ᠰᠤᠷᠲᠠᠯ ᠲᠠᠢ᠃            4᠂ ᠬᠦᠮᠦᠨ ᠬᠦᠮᠦᠨ ᠤ ᠬᠤᠭᠤᠷᠤᠨᠳᠤᠬᠢ ᠬᠠᠷᠢᠴᠠᠭ᠎ᠠ ᠰᠠᠶᠢᠨ᠃            5᠂ ᠨᠡᠶᠢᠬᠡᠮ ᠤᠨ ᠤᠷᠴᠢᠨ ᠲᠤᠭᠤᠷᠢᠨ ᠤ ᠬᠤᠪᠢᠰᠤᠯ ᠢ ᠲᠠᠭᠠᠨ ᠲᠠᠳᠴᠤ ᠴᠢᠳᠠᠬᠤ᠃            6᠂ ᠬᠦᠮᠦᠨ ᠴᠢᠨᠠᠷ ᠡᠷᠡᠬᠦᠯ ᠴᠢᠬᠢᠷᠠᠭ ᠪᠠᠶᠢᠬᠤ᠃            7᠂ ᠰᠡᠳᠬᠢᠴᠡ ᠶᠢᠨ ᠦᠢᠯᠡ ᠶᠢᠨ ᠢᠯᠡᠷᠡᠯ ᠨᠢ ᠨᠠᠰᠤᠨ ᠳᠤ ᠪᠠᠨ ᠲᠤᠬᠢᠷᠠᠭᠰᠠᠨ ᠪᠠᠶᠢᠬᠤ ᠬᠡᠷᠡᠭᠲᠡᠢ᠃                                       ᠨᠠᠭᠤᠨᠪᠢᠯᠢᠭ᠌ ᠤᠨ ︽ᠮᠤᠩᠭᠤᠯ ᠠᠨᠠᠭᠠᠬᠤ ᠤᠬᠠᠭᠠᠨ ᠤ ᠠᠮᠢ                 ᠰᠤᠪᠢᠯᠠᠯ ᠤᠨ ᠦᠬᠦᠯᠡᠮᠵᠢ︾ ᠠᠴᠠ ᠪᠠᠭᠤᠯᠭᠠᠪᠠ
 
ᠢᠷᠡᠯᠲᠡ᠄ ᠪᠠᠶᠠᠨᠨᠠᠭᠤᠷ ᠬᠤᠲᠠ ᠶᠢᠨ ᠤᠷᠠᠳ ᠤᠨ ᠳᠤᠮᠳᠠᠳᠤ ᠬᠤᠰᠢᠭᠤ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号