ᠤᠨᠲᠠᠵᠤ ᠰᠡᠷᠡᠭᠰᠡᠨ  ᠤ ᠳᠠᠷᠠᠭ᠎ᠠ᠂ ᠡᠨᠡ ᠳᠥᠷᠪᠡᠨ ᠮᠠᠭᠤ ᠳᠠᠳᠬᠠᠯ ᠢᠶᠠᠨ ᠵᠠᠪᠠᠯ ᠬᠠᠯᠠᠬᠤ ᠬᠡᠷᠡᠭᠲᠡᠶ︕
  
2024/4/19
    ᠬᠡᠷᠪᠡ ᠤᠨᠲᠠᠵᠤ ᠰᠡᠷᠡᠮᠡᠭᠴᠡ ᠪᠠᠷᠢᠨ ᠲᠤᠤᠷ᠎ᠠ ᠪᠠᠨ ᠤᠷᠤ  ᠠᠴᠠ  ᠪᠠᠨ ᠪᠠᠭᠤᠪᠠᠯ᠂ ᠶᠡᠭᠡ ᠲᠠᠷᠢᠬᠢᠨ  ᠤ ᠴᠢᠰᠤᠨ ᠬᠠᠩᠭᠠᠯᠲᠠ ᠬᠦᠷᠦᠯᠴᠡᠬᠦ ᠦᠭᠡᠢ ᠪᠣᠯᠵᠤ᠂ ᠰᠠ ᠡᠪᠡᠳᠴᠢᠨ᠂ ᠭᠡᠨᠡᠳᠲᠡ ᠦᠬᠦᠬᠦ ᠵᠡᠷᠭᠡ ᠭᠡᠨᠡᠳᠲᠡ  ᠶᠢᠨ ᠠᠳᠡᠯ ᠠᠮᠠᠷᠬᠠᠨ  ᠭᠠᠷᠴᠤ ᠮᠡᠳᠡᠨ᠎ᠡ᠃ ᠰᠠᠨᠠᠭᠤᠯᠤᠮᠵᠢ᠄    1.ᠮᠠᠭᠤ ᠳᠠᠳᠬᠠᠯ  ᠨᠢᠭᠡ   ᠄ ᠰᠠᠶ᠋ᠢ ᠰᠡᠷᠡᠮᠡᠭᠴᠡ᠂ ᠣᠷᠣ ᠳᠡᠭᠡᠷ᠎ᠡ ᠪᠠᠨ 30 ᠰᠧᠺᠦ᠋ᠨ᠋ᠳ᠋ ᠬᠡᠪᠲᠡᠵᠦ᠂ ᠪᠣᠰᠤᠭᠰᠠᠨ  ᠦ ᠳᠠᠷᠠᠭ᠎ᠠ 30ᠰᠧᠺᠦ᠋ᠨ᠋ᠳ᠋ ᠰᠠᠭᠤᠵᠤ᠂ ᠲᠠᠷᠠᠭ᠎ᠠ ᠨᠢ ᠣᠷᠣ ᠶᠢᠨ ᠬᠦᠪᠡᠭᠡ ᠲᠡᠭᠡᠷ᠎ᠡ ᠪᠠᠨ 30 ᠰᠧᠺᠦ᠋ᠨ᠋ᠳ᠋ ᠰᠠᠭᠤᠬᠰᠠᠨ ᠤ  ᠬᠤᠶᠢᠨ᠎ᠠ ᠰᠠᠶ᠋ᠢ‌‍ ᠪᠤᠰᠴᠤ ᠶᠠᠪᠤᠨ᠎ᠠ᠃    2.ᠮᠠᠭᠤ ᠳᠠᠳᠬᠠᠯ ᠬᠤᠶᠠᠷ᠄ ᠪᠣᠰᠤᠭᠰᠠᠨ  ᠦ ᠳᠠᠷᠠᠭ᠎ᠠ ᠪᠠᠯ ᠲᠠᠢ ᠤᠰᠤ᠂ ᠳᠠᠪᠤᠰᠤ ᠲᠠᠢ ᠤᠰᠤ ᠤᠤᠭᠤᠬᠤᠵᠠᠷᠢᠮ ᠬᠥᠮᠦᠨ ᠥᠷᠯᠥᠭᠡ ᠪᠣᠰᠤᠭᠰᠠᠨ  ᠤ ᠳᠠᠷᠠᠭ᠎ᠠ᠂ ᠪᠠᠯ ᠲᠠᠢ ᠤᠰᠤ᠂ ᠳᠠᠪᠤᠰᠤ ᠲᠠᠢ ᠤᠰᠤ ᠤᠤᠭᠤᠬᠤ ᠳᠤᠷᠠᠲᠠᠶ ‌‍ᠪᠠᠶᠢᠳᠠᠭ ᠪᠦᠭᠡᠳ ᠡᠨᠡ ᠨᠢ ᠭᠠᠳᠠᠭᠠᠯᠠᠬᠤ᠂ ᠬᠤᠤᠷ  ᠢ ᠭᠠᠳᠠᠭᠰᠢᠯᠠᠭᠤᠯᠬᠤ   ᠲᠤᠰᠠᠳᠠᠢ ᠭᠡᠵᠦ ᠦᠵᠡᠳᠡᠭ᠂ ᠦᠨᠡᠨ    ᠳᠤ  ᠪᠠᠨ  ‌ᠢᠩᠭᠢᠵᠦ ᠬᠢᠬᠦ ᠨᠢ ᠪᠤᠷᠤᠭᠤ ᠶᠤᠮ᠃    ᠰᠠᠨᠠᠭᠤᠯᠤᠮᠵᠢ᠄ ᠥᠷᠯᠥᠭᠡ ᠪᠤᠰᠤᠬᠰᠠᠨ  ᠤ ᠨᠢᠭᠡ ᠴᠤᠮᠤ ᠪᠤᠴᠠᠯᠤᠭᠰᠠᠨ ᠤᠰᠤ ᠤᠤᠭᠤᠬᠤ ᠪᠣᠯ ᠬᠠᠮᠤᠭ ᠤᠨ ᠰᠠᠶᠢᠨ‌‍ᠰᠣᠩᠭᠤᠯᠲᠠ ᠮᠥᠨ᠃ ᠤᠰᠤ ᠤᠤᠭᠤᠬᠤ ᠳᠠᠭᠠᠨ ᠪᠠᠭ᠎ᠠ ᠬᠡᠮᠵᠢᠶ᠎ᠡ ᠪᠠᠷ ᠣᠯᠠᠨ ᠤᠳᠠᠭ᠎ᠠ ᠤᠤᠭᠤᠬᠤ ᠬᠡᠷᠡᠭᠲᠡᠢ᠂ ᠨᠢᠭᠡ ᠯᠡ‌‍ᠲ᠋ᠡᠭᠡᠷ᠎ᠡ ᠲᠡᠩᠳᠡᠭᠦᠦ ᠠᠷᠪᠢᠨ ᠤᠤᠭᠤᠵᠤ ᠪᠣᠯᠬᠤ ᠦᠭᠡᠢ᠂ ᠤᠤᠭᠤᠬᠤ ᠤᠰᠤᠨ  ᠤ ᠬᠡᠮᠵᠢᠶ᠎ᠡ  ᠶᠢ 100 ᠮᠢᠯᠢᠯᠢᠲᠷ ᠡᠴᠠ‌‍ᠬᠡᠲᠦᠷᠡᠭᠦᠯᠵᠦ ᠪᠣᠯᠬᠤ ᠦᠭᠡᠢ᠃    3.ᠮᠠᠭᠤ ᠳᠠᠳᠬᠠᠯ ᠭᠤᠷᠪᠠ᠄ ᠭᠠᠳᠠᠭᠠᠯᠠᠬᠤ ᠳᠠᠭᠠᠨ ᠰᠡᠳᠬᠢᠯ ᠲᠠᠯᠪᠢᠬᠤ ᠦᠭᠡᠢ᠂ ᠬᠡᠲᠦᠷᠬᠡᠶ ᠤᠳᠠᠭᠠᠨ ᠰᠠᠭᠤᠬᠤ     ᠥᠷᠯᠥᠭᠡ ᠪᠣᠰᠤᠭᠰᠠᠨ  ᠤ ᠳᠠᠷᠠᠭ᠎ᠠ ᠪᠦᠳᠦᠭᠦᠨ ᠭᠡᠳᠡᠰᠦᠨ  ᠤ ᠬᠥᠳᠡᠯᠭᠡᠭᠡᠨ ᠨᠡᠯᠢᠶᠡᠳ ᠬᠥᠭᠵᠢᠶᠡᠨ ᠲᠠᠢ ᠪᠠᠶᠢᠳᠠᠭ᠂ᠴᠥᠭᠡᠨ ᠪᠤᠰᠤ ᠬᠥᠮᠦᠨ ᠨᠢ ᠡᠨᠡ ᠦᠶ᠎ᠡ  ᠳᠤ ᠭᠠᠳᠠᠭᠠᠯᠠᠳᠠᠭ᠂ ᠢᠩᠭᠢᠵᠦ ᠬᠢᠬᠦ ᠨᠢ ᠵᠥᠪ ᠶᠤᠮ᠃ ᠭᠡᠪᠡᠴᠦ ᠵᠠᠷᠢᠮ ᠬᠥᠮᠦᠨ  ᠭᠠᠳᠠᠭᠠᠯᠠᠬᠤ  ᠳᠠᠭᠠᠨ ᠭᠠᠷ ᠤᠲᠠᠰᠤ ᠨᠠᠭᠠᠳᠴᠤ᠂ ᠵᠣᠷᠯᠣᠩ  ᠳᠤ ᠬᠠᠭᠠᠰ ᠴᠠᠭ  ᠢᠶᠠᠷ ᠰᠠᠭᠤᠳᠠᠭ᠂ ᠢᠩᠭᠢᠪᠡᠯ ᠱᠠᠮᠪᠠᠷᠠᠮ ᠤᠯᠵᠤ ‌ᠮᠡᠳᠡᠨ᠎ᠡ᠃ ᠲᠠᠬᠢᠪᠠᠯ ᠭᠠᠳᠠᠭᠠᠯᠠᠬᠤ ᠳᠠᠭᠠᠨ ᠬᠡᠲᠦᠷᠬᠡᠢ ᠬᠦᠴᠦᠯᠡᠵᠦ ᠪᠣᠯᠬᠤ ᠦᠭᠡᠢ᠂ ᠬᠡᠲᠦᠷᠬᠡᠢ ᠬᠦᠴᠦᠯᠡᠪᠡᠯ ᠭᠡᠨᠡᠳᠲᠡ ᠦᠬᠦᠬᠦ᠂ᠲᠠᠷᠢᠬᠢᠨ  ᠤ  ᠴᠢᠰᠤᠨ ᠰᠤᠳᠠᠯ ᠳᠡᠯᠪᠡᠷᠡᠬᠦ ᠵᠡᠷᠭᠡ   ᠭᠡᠨᠡᠳᠲᠡ  ᠶᠢᠨ ᠠᠳᠡᠯ ᠭᠠᠷᠴᠤ ᠮᠡᠳᠡᠨ᠎ᠡ᠃    4.ᠮᠠᠭᠤ ᠳᠠᠳᠬᠠᠯ ᠳᠥᠷᠪᠡ᠄ ᠴᠠᠭ ᠲᠠᠭᠠᠨ ᠥᠷᠯᠥᠭᠡᠨ  ᠦ ᠬᠤᠭᠤᠯᠠ ᠪᠠᠨ ᠢᠳᠡᠳᠡᠭ ᠦᠭᠡᠢ    ᠥᠷᠯᠥᠭᠡ ᠶᠠᠭᠤᠮ᠎ᠠ ᠬᠤᠭᠤᠯᠠ ᠢᠳᠡᠬᠦ ᠥᠬᠡᠶ ᠪᠤᠶᠤ ᠨᠡᠯᠢᠶᠡᠳ ᠤᠷᠤᠢ ᠥᠷᠯᠥᠭᠡ  ᠶᠢᠨ ᠬᠤᠭᠤᠯᠠ ᠪᠠᠨ ᠢᠳᠡᠬᠦ ᠨᠢ ‌ᠬᠤᠳᠣᠭᠤᠳᠣᠨ ᠡᠪᠡᠳᠴᠢᠨ᠂ ᠰᠥᠰᠥᠨ  ᠦ ᠴᠢᠯᠠᠭᠤᠰᠢᠷᠠᠯ ᠤᠨ ᠲᠦᠭᠰᠢᠭᠦᠷᠢ ᠶᠢ ᠨᠡᠮᠡᠭᠳᠡᠭᠦᠯᠳᠡᠭ ᠪᠦᠭᠡᠳ ᠪᠠᠰᠠ ᠮᠠᠷᠢᠶᠠᠯᠠᠬᠤ ᠪᠠ‌‍ᠲ᠋ᠠᠨᠢᠨ ᠮᠡᠳᠡᠬᠦᠶ  ᠶᠢᠨ ᠴᠢᠳᠠᠪᠤᠷᠢ  ᠶᠢ ᠪᠠᠭᠤᠷᠠᠭᠤᠯᠵᠤ ᠮᠡᠳᠡᠨ᠎ᠡ᠃ 9᠄ 00 ᠴᠠᠭ  ᠡᠴᠡ ᠰᠡᠭᠦᠯᠡᠷ ᠥᠷᠯᠥᠭᠡ  ᠶᠢᠨ ᠬᠤᠭᠤᠯᠠ‌ᠢᠳᠡᠵᠦ᠂ 21᠄ 00 ᠴᠠᠭ  ᠡᠴᠡ ᠰᠡᠭᠦᠯᠡᠷ ᠣᠷᠣᠢ ᠶᠢᠨ ᠬᠤᠭᠤᠯᠠ ᠢᠳᠡᠬᠦ ᠨᠢ ᠵᠢᠷᠦᠬᠡ ᠴᠢᠰᠤᠨ ᠰᠤᠳᠠᠯ   ᠤᠨ ᠡᠪᠡᠳᠴᠢᠨ ‍ᠤ‌ᠨᠡᠩ ᠥᠨᠳᠥᠷ ᠲᠦᠭᠰᠢᠭᠦᠷᠢ  ᠶᠢ ᠠᠪᠴᠢᠷᠠᠵᠦ ᠮᠡᠳᠡᠨ᠎ᠡ᠂ 2 ᠬᠡᠯᠪᠡᠷᠢ  ᠶᠢᠨ ᠰᠢᠬᠢᠷ ᠰᠢᠵᠢᠩ ᠡᠪᠡᠳᠴᠢᠨ  ᠳᠦ ᠨᠡᠷᠪᠡᠭᠳᠡᠬᠦ  ᠨᠤᠷᠮ᠎ᠠ ᠨᠢ 59 %  ᠠᠴᠠ ᠥᠨᠳᠥᠷ ᠪᠠᠶᠢᠳᠠᠭ᠃ ᠰᠠᠨᠠᠭᠤᠯᠤᠮᠵᠢ᠄ ᠥᠷᠯᠥᠭᠡ  ᠶᠢᠨ ᠬᠤᠭᠤᠯᠨ ᠪᠠᠨ 7᠄ 00 ᠴᠠᠭ  ᠡᠴᠡ 8᠄00 ᠴᠠᠭ  ᠤᠨ ᠬᠤᠭᠤᠷᠤᠨᠳᠦ ᠢᠳᠡᠪᠡᠯ ᠲᠣᠬᠢᠷᠠᠮᠵᠢᠲᠠᠶ ᠶᠤᠮ᠃    
   