ᠲᠥᠯ ᠲᠤᠰᠬᠤ ᠪᠤᠯ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠨᠢᠭᠡ ᠵᠢᠯ ᠤᠨ ᠠᠵᠢᠯ ᠤᠨ ᠡᠬᠢᠯᠡᠯᠲᠡ | ᠪᠤᠯᠬᠤ ᠶᠢᠨ ᠬᠠᠮᠲᠤ᠂ ᠬᠠᠮᠤᠭ ᠤᠨ ᠶᠠᠭᠠᠷᠠᠯᠲᠠᠢ ᠪᠦᠭᠡᠳ ᠬᠠᠲᠠᠭᠤᠵᠢᠯᠲᠠᠢ᠂ ᠨᠠᠷᠢᠨ ᠨᠢᠮᠪᠠᠢ ᠠᠵᠢᠯ ᠪᠤᠯᠬᠤ ᠶᠤᠮ᠃ | ᠮᠤᠩᠭᠤᠯᠴᠤᠳ᠂ ᠲᠠᠪᠤᠨ ᠬᠤᠰᠢᠭᠤ ᠮᠠᠯ ᠤᠨ ᠬᠡᠭᠡᠯ ᠲᠠᠢ ᠪᠠᠶᠢᠬᠤ ᠬᠤᠭᠤᠴᠠᠭ᠎ᠠ ᠨᠢ ᠠᠳᠠᠯᠢ ᠪᠤᠰᠤ | ᠪᠠᠶᠢᠳᠠᠭ ᠢ ᠦᠨᠳᠦᠰᠦᠯᠡᠵᠦ᠂ ᠮᠦᠨ ᠪᠠᠰᠠ ᠨᠤᠲᠤᠭ ᠤᠷᠤᠨ ᠤ ᠪᠠᠨ ᠪᠠᠶᠢᠭᠠᠯᠢ ᠶᠢᠨ ᠨᠦᠭᠦᠴᠡᠯ ᠳᠤ ᠵᠣᠬᠢᠴᠠᠭᠤᠯᠤᠨ | ᠠᠯᠢ ᠦᠶ᠎ᠡ ᠳᠤ ᠶᠠᠮᠠᠷ ᠮᠠᠯ ᠢ ᠲᠥᠯᠯᠡᠭᠦᠯᠬᠦ ᠨᠢ ᠵᠣᠬᠢᠮᠵᠢᠲᠠᠢ ᠪᠠᠶᠢᠳᠠᠭ ᠢ ᠤᠷᠲᠤ ᠬᠤᠭᠤᠴᠠᠭᠠᠨ ᠤ ᠲᠤᠷᠰᠢᠬᠢ ᠮᠠᠯ | ᠮᠠᠯᠵᠢᠭᠰᠠᠨ ᠦᠢᠯᠡᠳᠦᠯᠭᠡ ᠠᠴᠠ ᠪᠠᠨ ᠳ᠋ᠦᠩᠨᠡᠭᠰᠡᠨ ᠪᠠᠶᠢᠨ᠎ᠠ᠃ | ᠬᠤᠨᠢ᠂ ᠢᠮᠠᠭᠠᠨ ᠤ ᠬᠡᠭᠡᠯ ᠲᠠᠢ ᠪᠠᠶᠢᠬᠤ ᠬᠤᠭᠤᠴᠠᠭ᠎ᠠ ᠲᠠᠪᠤᠨ ᠰᠠᠷ᠎ᠠ᠃ ᠶᠡᠷᠦᠩᠬᠡᠢ ᠳᠤ ᠪᠠᠨ ᠪᠢᠯᠢᠭ ᠤᠨ | ᠤᠯᠠᠷᠢᠯ ᠤᠨ ᠶᠢᠰᠦᠨ ᠰᠠᠷ᠎ᠠ ᠶᠢᠨ ᠠᠷᠪᠠᠳ ᠪᠤᠶᠤ ᠠᠷᠪᠠᠨ ᠰᠠᠷ᠎ᠠ ᠶᠢᠨ ᠠᠷᠪᠠᠳ ᠢᠶᠠᠷ ᠬᠡᠭᠡᠯᠳᠦᠵᠦ᠂ ᠳᠠᠷᠠᠭ᠎ᠠ | ᠵᠢᠯ ᠤᠨ ᠬᠤᠶᠠᠷ ᠰᠠᠷ᠎ᠠ ᠶᠢᠨ ᠳᠤᠮᠳᠠᠴᠢ ᠪᠤᠶᠤ ᠭᠤᠷᠪᠠᠨ ᠰᠠᠷ᠎ᠠ ᠶᠢᠨ ᠳᠤᠮᠳᠠᠴᠢ ᠪᠠᠷ ᠲᠥᠯᠯᠡᠳᠡᠭ᠃ | ᠭᠡᠭᠦᠦ ᠠᠷᠪᠠᠨ ᠰᠠᠷ᠎ᠠ ᠭᠡᠭᠡᠯ ᠲᠠᠢ ᠪᠠᠶᠢᠳᠠᠭ ᠪᠤᠯᠬᠤᠷ᠂ ᠳᠦᠷᠪᠠ᠂ ᠲᠠᠪᠤ᠂ ᠵᠢᠷᠭᠤᠭᠠᠨ ᠰᠠᠷ᠎ᠠ ᠳᠤ ᠬᠡᠭᠡᠯᠲᠦᠵᠦ | ᠂ ᠳᠠᠷᠠᠭ᠎ᠠ ᠵᠢᠯ ᠤᠨ ᠬᠤᠶᠠᠷ᠂ ᠭᠤᠷᠪᠠ᠂ ᠳᠦᠷᠪᠡᠨ ᠰᠠᠷ᠎ᠠ ᠳᠤ ᠤᠨᠠᠭᠠᠯᠠᠳᠠᠭ᠃ | ᠦᠨᠢᠶ᠎ᠡ ᠠᠷᠪᠠᠨ ᠰᠠᠷ᠎ᠠ ᠬᠡᠭᠡᠯ ᠲᠠᠢ ᠪᠠᠶᠢᠵᠤ᠂ ᠵᠢᠷᠭᠤᠭ᠎ᠠ᠂ ᠳᠤᠯᠤᠭ᠎ᠠ᠂ ᠨᠠᠢᠮᠠᠨ ᠰᠠᠷ᠎ᠠ ᠳᠤ ᠬᠡᠭᠡᠯᠲᠦᠵᠦ᠂ | ᠳᠠᠷᠠᠭ᠎ᠠ ᠵᠢᠯ ᠤᠨ ᠳᠦᠷᠪᠠ᠂ ᠲᠠᠪᠤ᠂ ᠵᠢᠷᠭᠤᠭᠠᠨ ᠰᠠᠷ᠎ᠠ ᠳᠤ ᠲᠤᠭᠤᠯᠯᠠᠳᠠᠭ᠃ | ᠢᠩᠭᠡ ᠠᠷᠪᠠᠨ ᠬᠤᠶᠠᠷ ᠰᠠᠷ᠎ᠠ ᠬᠡᠭᠡᠯ ᠲᠠᠢ ᠪᠠᠶᠢᠳᠠᠭ᠃ ᠲᠡᠮᠡᠭᠡᠨ ᠤ ᠤᠷᠤᠭ᠎ᠠ ᠣᠷᠤᠬᠤ ᠬᠤᠭᠤᠴᠠᠭ᠎ᠠ | ᠶᠡᠷᠦᠩᠬᠡᠢ ᠳᠤ ᠪᠠᠨ ᠠᠷᠪᠠᠨ ᠬᠤᠶᠠᠷ ᠰᠠᠷ᠎ᠠ ᠪᠤᠶᠤ ᠨᠢᠭᠡ ᠰᠠᠷ᠎ᠠ ᠪᠤᠯᠬᠤᠷ᠂ ᠢᠩᠭᠡ ᠠᠷᠪᠠᠨ ᠬᠤᠶᠠᠳᠤᠭᠠᠷ ᠰᠠᠷ᠎ᠠ | ᠪᠤᠶᠤ ᠨᠢᠭᠡ ᠰᠠᠷ᠎ᠠ ᠳᠤ ᠬᠡᠭᠡᠯᠳᠦᠵᠦ᠂ ᠳᠠᠷᠠᠭ᠎ᠠ ᠵᠢᠯ ᠤᠨ ᠠᠷᠪᠠᠨ ᠨᠢᠭᠡᠳᠦᠭᠡᠷ ᠰᠠᠷ᠎ᠠ ᠪᠤᠶᠤ ᠠᠷᠪᠠᠨ ᠬᠤᠶᠠᠳᠤᠭᠠᠷ | ᠰᠠᠷ᠎ᠠ ᠳᠤ ᠪᠤᠲᠤᠭᠤᠯᠠᠳᠠᠭ᠃ | ᠲᠠᠪᠤᠨ ᠬᠤᠰᠢᠭᠤ ᠮᠠᠯ ᠤᠨ ᠲᠥᠯᠯᠡᠬᠦ ᠬᠤᠭᠤᠴᠠᠭ᠎ᠠ ᠡᠶᠢᠨ ᠬᠦ ᠵᠦᠷᠢᠶ᠎ᠡ ᠲᠠᠢ ᠪᠠᠶᠢᠳᠠᠭ ᠪᠦᠭᠡᠳ ᠮᠠᠯ ᠤᠨ | ᠪᠡᠯᠴᠢᠭᠡᠷ ᠤᠨ ᠬᠤᠯᠠ ᠤᠶᠢᠷ᠎ᠠ᠂ ᠴᠠᠭ ᠠᠭᠤᠷ ᠤᠨ ᠬᠦᠢᠲᠡᠨ ᠳᠤᠯᠠᠭᠠᠨ ᠤ ᠠᠳᠠᠯᠢ ᠪᠤᠰᠤ ᠨᠦᠭᠦᠴᠡᠯ ᠰᠢᠯᠲᠠᠭᠠᠨ ᠤ | ᠨᠦᠯᠦᠭᠡᠯᠡᠯ ᠢ ᠬᠦᠷᠲᠡᠳᠡᠭ ᠤᠴᠢᠷ ᠠᠴᠠ ᠲᠥᠯ ᠲᠤᠰᠬᠤ ᠠᠵᠢᠯ ᠴᠦ ᠦᠪᠡᠷ ᠬᠤᠭᠤᠷᠤᠨᠳᠤ ᠪᠠᠨ ᠢᠯᠭᠠᠭ᠎ᠠ ᠲᠠᠢ | ᠪᠠᠶᠢᠳᠠᠭ᠃ ᠠᠳᠤᠭᠤ᠂ ᠬᠤᠯᠠ ᠶᠢᠨ ᠪᠡᠯᠴᠢᠭᠡᠷ ᠲᠠᠢ ᠮᠠᠯ ᠪᠤᠯᠬᠤᠷ᠂ ᠬᠡᠬᠦᠦ ᠤᠨᠠᠭᠠᠯᠠᠬᠤ ᠦᠶ᠎ᠡ ᠳᠤ ᠭᠠᠷᠳᠠᠵᠤ | ᠲᠤᠰᠳᠠᠭ ᠦᠭᠡᠢ᠃ ᠦᠬᠡᠷ᠂ ᠲᠡᠮᠡᠭᠡᠨ ᠤ ᠲᠥᠯ ᠢ ᠲᠤᠰᠬᠤ ᠬᠤᠭᠤᠴᠠᠭ᠎ᠠ ᠣᠶᠢᠷᠠᠳᠪᠠᠯ ᠬᠡᠭᠡᠯ ᠲᠠᠢ ᠦᠨᠢᠶ᠎ᠡ᠂ | ᠢᠩᠭᠡ ᠪᠠᠨ ᠢᠯᠭᠠᠵᠤ᠂ ᠤᠶᠢᠷ᠎ᠠ ᠵᠠᠭᠤᠷ᠎ᠠ ᠬᠠᠷᠢᠭᠤᠯᠤᠨ ᠲᠥᠯ ᠢ ᠨᠢ ᠲᠤᠰᠳᠠᠭ᠃ ᠪᠤᠭ ᠮᠠᠯ ᠤᠨ ᠲᠥᠯ ᠢ ᠲᠤᠰᠬᠤ | ᠠᠵᠢᠯ ᠬᠠᠲᠠᠭᠤᠵᠢᠯᠲᠠᠢ ᠪᠠᠶᠢᠵᠤ᠂ ᠡᠳᠦᠷ ᠲᠤ ᠪᠠᠨ ᠤᠶᠢᠷ᠎ᠠ ᠶᠢᠨ ᠪᠡᠯᠴᠢᠭᠡᠷ ᠲᠤ ᠪᠡᠯᠴᠢᠭᠡᠵᠦ᠂ ᠰᠦᠨᠢ ᠳᠤ ᠪᠠᠨ | ᠮᠠᠨᠠᠵᠤ᠂ ᠲᠦᠢᠯ ᠤᠨ ᠨᠠᠷᠢᠨ ᠨᠢᠮᠪᠠᠢ ᠪᠠᠷ ᠠᠵᠢᠯᠯᠠᠳᠠᠭ᠃ | ᠮᠣᠩᠭᠤᠯ ᠰᠣᠳᠣᠯᠣᠯ ᠤᠨ ᠨᠡᠪᠲᠡᠷᠬᠡᠢ ᠲᠣᠯᠢ ︽ᠵᠠᠩ ᠦᠢᠯᠡ ᠶᠢᠨ ᠪᠣᠳᠢ︾᠂ ︵ᠦᠪᠦᠷ ᠮᠣᠩᠭᠤᠯ ᠤᠨ | ᠠᠷᠠᠳ ᠤᠨ ᠬᠡᠪᠯᠡᠯ ᠤᠨ ᠬᠤᠷᠢᠶ᠎ᠠ᠂ 2010 ᠣᠨ︶ ᠨᠣᠮ ᠠᠴᠠ ᠪᠠᠭᠤᠯᠭᠠᠪᠠ᠃ | |