ᠰᠦᠨ ᠤ ᠮᠠᠰᠢᠨ
ᠨᠡᠶᠢᠲᠡᠯᠡᠭᠰᠡᠨ ᠴᠠᠭ᠄
2023/2/13
    — ᠮᠢᠨᠤ ᠬᠦᠦ ᠰᠦᠨ ᠤ ᠮᠠᠰᠢᠨ ᠬᠠᠷᠠᠵᠤ ᠪᠠᠶᠢᠭᠠᠷᠠᠢ ᠭᠡᠵᠦ ᠡᠵᠢ ᠰᠠᠨᠠᠭᠤᠯᠤᠨ᠎ᠠ᠃ ᠪᠠᠭ᠎ᠠ ᠦᠳᠡ ᠶᠢᠨ ᠬᠢᠷᠢ ᠳᠤ ᠨᠤᠲᠤᠭ ᠤᠨ ᠰᠢᠷ᠎ᠠ ᠵᠠᠮ ᠢᠶᠠᠷ ᠴᠡᠩᠬᠡᠷ ᠲᠤᠭᠤᠰᠤ ᠬᠥᠰᠢᠭᠡᠯᠡᠵᠦ ᠬᠠᠷᠠᠭᠳᠠᠬᠤ ᠳᠤ ᠰᠦᠨ ᠤ ᠮᠠᠰᠢᠨ ᠮᠥᠨ ᠪᠠᠶᠢᠭᠠᠰᠠᠢ ᠳ᠋ᠠ ᠭᠡᠵᠦ ᠰᠠᠷᠠᠪᠴᠢᠯᠠᠨ ᠤᠳᠠᠭᠠᠨ ᠭᠡᠭᠴᠢ ᠵᠤᠭᠰᠤᠨ᠎ᠠ᠃ ᠲᠡᠭᠡᠲᠡᠯ᠎ᠡ ᠴᠡᠩᠬᠡᠷ ᠲᠤᠭᠤᠰᠤᠨ ᠳᠤᠮᠳᠠ ᠠᠴᠠ ᠴᠡᠩᠭᠡᠷ ᠮᠠᠰᠢᠨ ᠶᠠᠭᠠᠬᠢᠬᠤ ᠶᠢᠨ ᠠᠷᠭ᠎ᠠ ᠦᠭᠡᠢ ᠲᠤᠳᠤᠷᠠᠭᠠᠳ ᠢᠷᠡᠨ᠎ᠡ᠃     — ᠡᠵᠢ ᠡ᠂ ᠰᠦᠨ ᠤ ᠮᠠᠰᠢᠨ ᠢᠷᠡᠵᠦ ᠶᠠᠪᠤᠨ᠎ᠠ ᠭᠡᠵᠦ ᠪᠢ ᠭᠡᠷ ᠵᠦᠭ ᠢᠶᠠᠨ ᠬᠢᠷᠢ ᠳᠡᠭᠡᠨ ᠯᠠ ᠲᠤᠭᠤᠰᠤ ᠳᠠᠲᠠᠭᠤᠯᠤᠨ ᠭᠦᠶᠦᠨ᠎ᠡ᠃     — ᠦ ᠠᠰᠢᠭᠦᠢ ᠳ᠋ᠠ᠂ ᠬᠠᠮᠢᠭ᠎ᠠ ᠬᠦᠷᠴᠦ ᠶᠠᠪᠤᠨ᠎ᠠ︖ ᠭᠤᠷᠤᠬᠠᠲᠤ ᠤᠷᠤᠭᠤᠲᠠᠬᠤ ᠪᠠᠷ ᠨᠢ ᠬᠡᠯᠡᠭᠡᠷᠡᠢ ᠭᠡᠨ᠎ᠡ︕ ᠲᠥᠳᠡ ᠤᠳᠠᠯ ᠦᠭᠡᠢ ᠴᠡᠩᠭᠡᠷ ᠮᠠᠰᠢᠨ ᠲᠣᠳᠤᠷᠠᠨ ᠲᠣᠳᠤᠷᠠᠭᠰᠠᠭᠠᠷ ᠭᠤᠷᠤᠬᠠᠳᠤ ᠤᠷᠤᠭᠤᠲᠠᠨ᠎ᠠ᠃     — ᠡᠵᠢ ᠡ᠂ ᠤᠳᠤ ᠶᠠᠪᠤᠬᠤ ᠦᠭᠡᠢ ᠪᠤᠯᠬᠤ ᠦᠭᠡᠢ ᠨᠢ ᠭᠡᠪᠡᠯ ᠡᠵᠢ ᠭᠠᠷᠴᠤ ᠬᠠᠷᠠᠭᠰᠠᠨ ᠢᠶᠠᠨ᠄     — ᠵᠠ ᠶᠠᠪᠤᠶ᠎ᠠ ᠭᠡᠨ᠎ᠡ᠃ ᠡᠵᠢ ᠪᠢᠳᠡ ᠬᠤᠶᠠᠷ ᠬᠤᠳᠳᠤᠭ ᠳᠡᠭᠡᠷ᠎ᠡ ᠬᠦᠷᠬᠦ ᠳᠤ ᠰᠦᠨ ᠤ ᠮᠠᠰᠢᠨ ᠴᠦ ᠶᠠᠭ ᠬᠦᠷᠴᠦ ᠢᠷᠡᠨ᠎ᠡ᠃ ᠵᠢᠯᠣᠭᠤᠴᠢ ᠠᠬ᠎ᠠ ᠨᠥᠭᠦᠭᠡ ᠯᠠ ᠢᠨᠢᠶᠡᠳᠦ ᠰᠠᠴᠤᠷᠠᠭᠤᠯᠤᠭᠰᠠᠭᠠᠷ ᠪᠦᠬᠦᠭᠡᠭ ᠤᠨ ᠢᠶᠠᠨ ᠴᠤᠩᠬᠤ ᠪᠠᠷ ᠮᠡᠨᠳᠦᠴᠢᠯᠡᠨ᠎ᠡ᠃ ᠬᠠᠵᠠᠭᠤ ᠶᠢᠨ ᠰᠠᠭᠤᠳᠠᠯ ᠠᠴᠠ ᠰᠦ ᠶᠢᠨ ᠮᠠᠰᠢᠨ ᠳᠤ ᠳᠠᠶᠢᠭᠳᠠᠨ ᠬᠤᠰᠢᠭᠤᠨ ᠲᠦᠪ ᠤᠷᠤᠵᠤ ᠶᠠᠪᠤᠭ᠎ᠠ ᠮᠠᠨ ᠤ ᠨᠤᠲᠤᠭ ᠤᠨ ᠬᠡᠨ ᠨᠢᠭᠡᠨ ᠪᠠᠶᠢᠵᠤ ᠯᠠ ᠲᠠᠭᠠᠷᠠᠨ᠎ᠠ᠃     ᠰᠦᠨ ᠤ ᠮᠠᠰᠢᠨ ᠳᠤ ᠳᠠᠶᠢᠭᠳᠠᠭᠰᠠᠨ ᠨᠤᠲᠤᠭ ᠤᠨ ᠬᠦᠮᠦᠨ ᠠᠯᠢ ᠬᠡᠳᠦ᠋ᠢᠨ ᠪᠦᠬᠦᠭᠡᠭ ᠠᠴᠠ ᠦᠰᠦᠷᠦᠨ ᠪᠠᠭᠤᠵᠤ᠂ ᠡᠵᠢ ᠳᠤ ᠬᠠᠪᠰᠤᠷᠤᠨ ᠬᠤᠳᠳᠤᠭ  ᠠᠴᠠ ᠰᠦ ᠳᠠᠲᠠᠯᠴᠠᠵᠤ᠂ ᠵᠢᠩᠯᠡᠵᠦ᠂ ᠮᠦᠨ ᠮᠠᠰᠢᠨ ᠤ ᠠᠷᠣ ᠳᠤ ᠭᠠᠷᠴᠤ ᠰᠤᠷᠤᠭᠤᠯ ᠪᠠᠭᠤᠯᠭᠠᠨ᠎ᠠ᠃ ᠶᠠᠭ ᠯᠠ ᠨᠠᠰᠤ ᠪᠠᠷ ᠢᠶᠠᠨ ᠬᠢᠵᠦ ᠶᠠᠪᠤᠭᠰᠠᠨ ᠠᠵᠢᠯ ᠢᠶᠠᠨ ᠬᠢᠵᠦ ᠪᠠᠶᠢᠭ᠎ᠠ ᠬᠦᠮᠦᠨ ᠰᠢᠭ ᠬᠥᠩᠭᠡᠨ ᠱᠦᠩᠭᠡᠨ ᠭᠡᠵᠦ ᠵᠢᠭᠲᠡᠢ᠃ ᠠᠵᠢᠯ ᠳᠠᠭᠤᠰᠬᠤ ᠳᠤ ᠬᠤᠳᠳᠤᠭ ᠤᠨ ᠬᠦᠢᠲᠡᠨ ᠤᠰᠤᠨ ᠠᠴᠠ ᠵᠢᠯᠤᠭᠤᠴᠢ ᠨᠤᠲᠤᠭ ᠤᠨ ᠬᠦᠮᠦᠨ ᠬᠤᠶᠠᠷ ᠬᠤᠪᠤᠭᠤ ᠳᠠᠮᠵᠢᠭᠤᠯᠤᠨ ᠤᠤᠭᠤᠵᠤ ᠡᠵᠢ ᠲᠠᠢ ᠨᠤᠲᠤᠭ ᠨᠤᠭᠤ ᠶᠢᠨ ᠰᠤᠨᠢᠨ ᠰᠠᠶᠢᠬᠠᠨ ᠶᠠᠷᠢᠯᠴᠠᠭᠰᠠᠨ ᠰᠢᠤᠬᠠᠨ ᠪᠣᠯᠤᠭᠠᠳ ᠯᠠ ᠴᠡᠩᠭᠡᠷ ᠮᠠᠰᠢᠨ ︽ᠠᠯᠲᠠᠨ ᠰᠢᠷ᠎ᠠ ᠵᠠᠮ ᠳᠡᠭᠡᠭᠰᠢ ᠪᠠᠨ ᠪᠠᠶᠢᠨ᠎ᠠ︾ ᠭᠡᠳᠡᠭ ᠳᠠᠭᠤᠤ ᠶᠢ ᠬᠠᠩᠭᠢᠨᠠᠭᠤᠯᠤᠭᠰᠠᠭᠠᠷ ᠬᠥᠳᠡᠯᠦᠨ᠎ᠡ᠃ ᠡᠵᠢ ᠪᠢᠳᠡ ᠬᠤᠶᠠᠷ ᠰᠠᠭᠤᠯᠠᠭ᠎ᠠ ᠰᠠᠪᠠ ᠪᠠᠨ ᠤᠬᠢᠶᠠᠵᠤ ᠳᠠᠭᠤᠰᠬᠤ ᠳᠤ ᠴᠡᠩᠭᠡᠷ ᠮᠠᠰᠢᠨ ᠴᠦ ᠴᠡᠩᠬᠡᠷ ᠲᠤᠭᠤᠰᠤ ᠳᠠᠲᠠᠭᠤᠯᠤᠭᠰᠠᠭᠠᠷ ᠬᠥᠪᠡᠭᠡ ᠳᠠᠪᠠᠨ ᠳᠠᠯᠳᠠ ᠤᠷᠤᠨ᠎ᠠ᠃ ᠮᠠᠨ ᠤ ᠬᠢ ᠵᠠᠬ᠎ᠠ ᠶᠢᠨ ᠠᠶᠢᠯ᠂ ᠮᠠᠨ ᠤ ᠬᠢ ᠠᠴᠠ ︽ᠠᠯᠲᠠᠨ ᠰᠢᠷ᠎ᠠ ᠵᠠᠮ︾ ᠳᠥᠷᠪᠡ ᠡᠬᠢᠯᠡᠬᠦ ᠳᠤ ᠯᠠ ᠬᠤᠰᠢᠭᠤᠨ ᠲᠥᠪ ᠤᠨ ᠪᠠᠷ᠎ᠠ ᠬᠠᠷᠠᠭᠳᠠᠭᠠᠳ ᠢᠷᠡᠨ᠎ᠡ᠂ ᠬᠠᠷᠢᠨ ᠪᠢ ᠰᠦᠨ ᠤ ᠮᠠᠰᠢᠨ ᠳᠤ ᠳᠠᠶᠢᠭᠳᠠᠵᠤ ᠶᠠᠪᠤᠭ᠎ᠠ ᠨᠤᠲᠤᠭ ᠤᠨ ᠬᠦᠮᠦᠨ ᠳᠤ ᠦᠭᠡᠢ ᠮᠦᠨ ᠶᠡᠭᠡ ᠠᠲᠠᠭᠠᠷᠬᠠᠨ᠎ᠠ᠃ ᠠᠶᠢᠯ ᠠᠶᠢᠯ ᠤᠨ ᠬᠤᠳᠳᠤᠭ ᠳᠡᠭᠡᠷ᠎ᠡ ᠣᠴᠢᠭᠠᠳ ᠯᠠ ᠮᠡᠳᠡᠳᠡᠭ ᠠᠵᠢᠯ  ᠢᠶᠠᠨ ᠬᠢᠵᠦ ᠪᠤᠢ ᠮᠡᠲᠦ ᠰᠦ ᠶᠢ ᠨᠢ ᠵᠢᠩᠯᠡᠵᠦ ᠰᠤᠷᠤᠭᠤᠯᠵᠤ ᠵᠤᠭᠰᠤᠬᠤ ᠮᠦᠨ ᠴᠦ ᠰᠠᠶᠢᠬᠠᠨ ᠪᠠᠶᠢᠬᠤ ᠪᠠᠶᠢᠯ᠎ᠠ · · · · ᠳᠠᠩᠴᠦ ᠮᠠᠨ ᠤ ᠬᠢ ᠬᠤᠰᠢᠭᠤᠨ ᠲᠦᠪ ᠠᠴᠠ ᠬᠠᠮᠤᠭ ᠤᠨ ᠣᠶᠢᠷᠠᠬᠠᠨ ᠪᠠᠶᠢᠳᠠᠭ ᠵᠠᠬ᠎ᠠ ᠶᠢᠨ ᠠᠶᠢᠯ᠂ ᠰᠦᠨ ᠤ ᠮᠠᠰᠢᠨ ᠳᠤ ᠳᠠᠶᠢᠭᠳᠠᠵᠤ ᠴᠢᠬᠢᠴᠢᠯᠳᠦᠨ ᠵᠦᠩᠳᠡᠭᠡᠨ ᠶᠠᠪᠤᠭᠰᠠᠨ ᠴᠦ ᠭᠠᠭᠴᠠ ᠴᠦ ᠠᠶᠢᠯ ᠤᠨ ᠬᠤᠳᠳᠤᠭ ᠳᠡᠭᠡᠷ᠎ᠡ ᠵᠤᠭᠰᠤᠵᠤ ᠰᠦ ᠳᠠᠲᠠᠯᠴᠠᠵᠤ ᠦᠵᠡᠭᠡ ᠦᠭᠡᠢ︕     ᠲᠡᠭᠡᠭᠡᠳ ᠪᠢ ᠪᠤᠳᠤᠳᠠᠭ ᠪᠠᠶᠢᠯ᠎ᠠ᠃ ᠰᠤᠷᠭᠠᠭᠤᠯᠢ ᠲᠡᠭᠦᠰᠦᠭᠡᠳ ᠰᠦᠨ ᠤ ᠮᠠᠰᠢᠨ ᠤ ᠵᠢᠯᠤᠭᠤᠴᠢ ᠪᠣᠯᠤᠨ᠎ᠠ ᠡ᠂ ᠨᠤᠲᠤᠭ ᠤᠨ ᠬᠦᠮᠦᠰ ᠢ ᠬᠠᠵᠠᠭᠤ  ᠳᠠᠭᠠᠨ ᠰᠠᠭᠤᠯᠭᠠᠭᠠᠳ᠂ ᠬᠡᠤᠬᠡᠳ ᠢᠶᠠᠷ ᠬᠠᠷᠠᠭᠤᠯᠳᠠᠭᠤᠯᠵᠤ᠂ ᠠᠶᠢᠯ ᠠᠶᠢᠯ ᠤᠨ ᠬᠤᠳᠳᠤᠭ ᠳᠡᠭᠡᠷ᠎ᠡ ᠤᠴᠢᠵᠤ ᠵᠤᠭᠰᠤᠨ᠂ ᠬᠤᠪᠤᠭᠤ ᠪᠠᠷ ᠬᠦᠢᠲᠡᠨ ᠤᠰᠤ ᠵᠠᠯᠭᠢᠯᠠᠨ᠂ ᠵᠠᠮ ᠲᠣᠵᠢ ︽ᠠᠯᠲᠠᠨ ᠰᠢᠷ᠎ᠠ ᠵᠠᠮ · · · ·︾ ᠬᠠᠩᠭᠢᠨᠠᠭᠤᠯᠵᠤ ᠶᠠᠪᠤᠬᠤ ᠰᠠᠨ ᠳ᠋ᠠ ᠭᠡᠵᠦ ᠪᠤᠳᠤᠳᠠᠭ ᠪᠠᠶᠢᠯ᠎ᠠ︕    — ᠡᠵᠢ ᠡ᠂ ᠰᠦᠨ ᠤ ᠮᠠᠰᠢᠨ ᠢᠷᠡᠵᠦ ᠶᠠᠪᠤᠨ᠎ᠠ · · · · ᠥᠨᠦ ᠴᠦ ᠭᠡᠰᠡᠨ ᠬᠠᠶᠠ ᠪᠢ ᠡᠶᠢᠨ ᠪᠠᠶᠠᠷᠯᠠᠨ ᠳᠡᠪᠬᠡᠷᠴᠦ᠂ ᠰᠢᠷ᠎ᠠ ᠵᠠᠮ ᠢᠶᠠᠷ ᠴᠡᠩᠭᠡᠷ ᠲᠤᠭᠤᠰᠤ ᠳᠠᠲᠠᠭᠤᠯᠤᠨ ᠢᠷᠡᠵᠦ ᠶᠠᠪᠤᠭ᠎ᠠ ᠴᠡᠩᠭᠡᠷ ᠮᠠᠰᠢᠨ ᠢ ᠵᠡᠭᠦᠳᠦᠨ ᠳᠡᠭᠡᠨ ᠬᠠᠷᠠᠨ ᠳᠡᠪᠬᠡᠷᠳᠡᠭ ᠡ︕    ᠮᠡᠳᠡᠭᠡᠵᠢ ᠪᠠᠰᠠ ︽ᠠᠯᠲᠠᠨ ᠰᠢᠷ᠎ᠠ ᠵᠠᠮ ᠳᠡᠭᠡᠭᠰᠢ ᠪᠠᠨ ᠪᠠᠶᠢᠨ᠎ᠠ︾ · · · ·               ᠰᠢᠷᠠᠶᠢᠳ ᠳᠦᠭᠦᠷᠡᠩᠵᠢᠷᠭᠠᠯ ᠤᠨ ︽ᠰᠤᠯᠤᠩᠭ᠎ᠠ ᠪᠠᠷᠢᠬᠤ ᠬᠦᠰᠡᠯ︾ ᠨᠣᠮ ᠠᠴᠠ ᠪᠠᠭᠤᠯᠭᠠᠪᠠ
ᠢᠷᠡᠯᠲᠡ᠄ ᠬᠦᠯᠦᠨ ᠪᠦᠢᠷ ᠬᠤᠲᠠ ᠶᠢᠨ ᠠᠷᠠᠳ ᠤᠨ ᠵᠠᠰᠠᠭ ᠤᠨ ᠣᠷᠳᠣᠨ