ᠲᠤᠯᠮ᠎ᠠ ᠶᠢ ᠶᠠᠭᠠᠷᠠᠵᠤ ᠰᠠᠨᠳᠤᠴᠢᠭᠰᠠᠭᠠᠷ ᠭᠡᠷ ᠲᠡᠭᠡᠨ ᠢᠷᠡᠳᠡᠯ᠎ᠡ ᠭᠠᠯ ᠬᠦᠰ ᠴᠤ ᠦᠭᠡᠢ ᠭᠡᠷ ᠨᠢ ᠵᠢᠪᠡᠬᠡᠢ | ᠳᠠᠭᠠᠭᠠᠵᠤ ᠦᠬᠢᠨ ᠨᠢ ᠡᠴᠢᠬᠡ ᠶᠢᠨ ᠢᠶᠠᠨ ᠤᠷᠤᠨ ᠲᠡᠭᠡᠷ᠎ᠡ ᠦᠪᠡᠷ ᠤᠨ ᠢᠶᠠᠨ ᠲᠡᠪᠡᠯ ᠢ ᠦᠷᠦᠭᠡᠯᠳᠦᠨ ᠨᠦᠮᠦᠷᠦᠭᠡᠳ | ᠬᠠᠴᠢᠨ ᠶᠡᠬᠡᠪᠡᠷ ᠬᠠᠯᠠᠭᠤᠷᠠᠨ ᠲᠠᠭᠵᠢᠨ ᠴᠡᠴᠡᠷᠡᠵᠦ ᠬᠡᠪᠳᠡᠵᠤ ᠪᠠᠶᠢᠯ᠎ᠠ᠃ ᠲᠤᠯᠮ᠎ᠠ᠄ | — ᠪᠤᠷᠬᠠᠨ ᠮᠢᠨᠢ︕ ᠦᠬᠢᠨ ᠮᠢᠨᠢ ᠡᠪᠡᠳᠴᠢᠬᠡ ᠤᠤ︖ ᠶᠠᠭᠠᠬᠢᠨ᠎ᠠ︖ ᠭᠡᠵᠦ ᠣᠣᠯᠭ᠎ᠠ ᠠᠯᠳᠠᠵᠤ | ᠲᠡᠪᠡᠷᠢᠨ ᠠᠪᠳᠠᠯ᠎ᠠ ᠦᠷᠦᠭᠡᠯᠳᠦᠵᠦ ᠬᠤᠴᠢᠭᠰᠠᠨ ᠲᠡᠪᠡᠯ ᠠᠴᠠ ᠨᠢ ᠮᠤᠵᠢᠭᠤᠷᠬᠠᠨ ᠬᠦᠯ ᠨᠢ ᠪᠤᠯᠳᠠᠰᠬᠢᠨ ᠢᠯᠡ | ᠭᠠᠷᠤᠯ᠎ᠠ᠃ | — ᠬᠦᠶ᠋ᠢ᠂ ᠮᠢᠨᠦ ᠦᠬᠢᠨ ᠲᠤᠮᠤᠬᠠᠨ ᠲᠡᠪᠡᠯ ᠶᠤᠮ ᠤᠤ᠂ ᠬᠦᠨᠵᠢᠯᠡ ᠪᠠᠨ ᠨᠦᠮᠦᠷᠬᠦ ᠦᠭᠡᠢ ᠶᠠᠭᠠᠬᠢᠭᠰᠠᠨ | ᠶᠤᠮ ᠪᠤᠢ︖ ᠦᠬᠢᠨ ᠬᠠᠷᠢᠭᠤ ᠳᠤᠨᠢ ᠨᠢᠬᠡ ᠶᠡᠭᠡ ᠲᠤᠮᠤ ᠬᠠᠷᠠᠭᠰᠠᠨ ᠢᠶᠠᠨ ᠦᠯᠦ ᠶᠠᠯᠢᠭ ᠦᠯᠦᠩ ᠭᠬᠢᠷ | ᠰᠠᠭᠤᠭᠰᠠᠨ ᠪᠠᠯᠴᠠᠭᠠᠷ ᠬᠤᠶᠠᠷ ᠬᠦᠯ ᠢᠶᠠᠷ ᠢᠶᠠᠨ ᠲᠡᠪᠡᠯ ᠤᠨ ᠢᠶᠠᠨ ᠬᠤᠷᠮᠤᠢ ᠶᠢ ᠰᠤᠷᠤᠮᠠᠭ ᠭᠡᠭᠴᠢ ᠨᠢ ᠲᠤᠯᠤᠮᠳᠠᠨ | ᠨᠤᠭᠳᠤᠰᠬᠢᠨ ᠲᠡᠪᠡᠯ ᠳᠡᠭᠡᠨ ᠬᠠᠷᠢᠯ᠎ᠠ᠃ ᠲᠤᠯᠮ᠎ᠠ ᠳᠤ ᠬᠡᠯᠡᠬᠦ ᠦᠬᠡ ᠴᠤ ᠤᠯᠳᠠᠭᠰᠠᠨ ᠦᠭᠡᠢ᠃ ᠱᠠᠯᠠᠪᠬᠠᠨ ᠪᠤᠰᠴᠤ | ᠵᠤᠤᠬᠠᠨ ᠤ ᠪᠠᠨ ᠡᠮᠦᠨ᠎ᠡ ᠰᠦᠬᠦᠷᠡᠨ ᠰᠠᠭᠤᠭᠠᠳ ᠨᠢᠳᠦᠨ ᠠᠴᠠ ᠪᠠᠨ ᠦᠪᠡᠷ ᠤᠨ ᠡᠷᠬᠡ ᠦᠭᠡᠢ ᠤᠷᠤᠰᠬᠤ | ᠨᠢᠯᠪᠤᠰᠤ ᠪᠠᠨ ᠭᠠᠷ ᠢᠶᠠᠷ ᠢᠶᠠᠨ ᠱᠤᠳᠤᠷᠤᠭᠠᠳ ᠭᠠᠯ ᠢᠶᠠᠨ ᠠᠰᠠᠭᠠᠯᠠ᠃ ᠦᠬᠢᠨ ᠨᠢ ᠴᠡᠭᠡᠵᠢ ᠪᠠᠨ | ᠲᠦᠩᠬᠡᠯᠵᠡᠬᠦᠯᠦᠨ ᠵᠤᠪᠠᠭᠤᠷᠢ ᠲᠠᠢ ᠪᠠᠷ ᠤᠶᠢᠷ᠎ᠠ ᠤᠶᠢᠷᠠᠬᠠᠨ ᠠᠮᠢᠰᠬᠤᠯᠯᠠᠵᠤ ᠲᠡᠪᠡᠯ ᠤᠨ ᠢᠶᠠᠨ ᠲᠤᠤᠭᠤᠷ ᠨᠢᠳᠦ ᠪᠠᠨ | ᠬᠢᠯᠠᠯᠵᠠᠭᠤᠯᠤᠨ ᠡᠬᠡ ᠶᠢ ᠪᠠᠨ ᠲᠠᠭᠠᠭᠤᠯᠤᠨ ᠬᠠᠷᠠᠭᠰᠠᠭᠠᠷ᠃ ᠦᠬᠢᠨ ᠬᠠᠯᠠᠭᠤᠨ ᠤ ᠰᠢᠯ ᠬᠠᠭᠠᠷᠠᠮ᠎ᠠ ᠬᠠᠯᠠᠭᠤᠷᠠᠵᠠᠢ᠃ | ᠡᠮ ᠦᠭᠬᠦᠭᠡᠳ ᠴᠤ ᠪᠠᠭᠤᠷᠠᠳᠠᠭ ᠦᠭᠡᠢ᠃ ᠡᠮᠴᠢ ᠲᠠᠭᠤᠳᠠᠮᠠᠷ ᠪᠠᠶᠢᠳᠠᠭ᠃ ᠶᠠᠳᠠᠵᠤ ᠬᠦᠮᠦᠨ ᠤᠷᠤᠵᠤ ᠢᠷᠡᠬᠦ | ᠦᠭᠡᠢ ᠶᠤᠮ᠃ ᠲᠤᠯᠮ᠎ᠠ ᠦᠪᠡᠷ ᠤᠨ ᠢᠶᠠᠨ ᠪᠤᠳᠤᠯ ᠠᠴᠠ ᠠᠶᠤᠯ᠎ᠠ᠃ ᠪᠢ ᠬᠠᠨᠢ ᠮᠦᠷᠦᠭᠡᠰᠦᠯᠡ ᠭᠡᠵᠢ ᠤᠤ︖ | ᠦᠭᠡᠢ ᠦᠭᠡᠢ ᠦᠬᠢᠨ ᠮᠢᠨᠢ ᠯᠡ ᠪᠠᠶᠢᠬᠤ ᠳᠤ ᠪᠤᠯᠤᠯ᠎ᠠ᠃ ᠬᠠᠷᠢᠨ ᠬᠠᠯᠠᠭᠤᠨ ᠢ ᠨᠢ ᠶᠠᠭᠠᠬᠢᠵᠤ ᠪᠠᠭᠤᠯᠭᠠᠬᠤ ᠪᠤᠢ︖ | ᠡᠬᠡ ᠲᠠᠢ ᠬᠦᠮᠦᠨ ᠦᠬᠦᠳᠡᠭ ᠦᠭᠡᠢ ᠭᠡᠳᠡᠭ᠃ ᠤᠰᠤ ᠪᠠᠨ ᠦᠭᠬᠦᠶ᠎ᠡ ᠪᠠᠶᠢᠵᠠ︕ | — ᠮᠢᠨᠦ ᠦᠬᠢᠨ ᠷᠠᠰᠢᠶᠠᠨ ᠬᠦᠷᠳᠡᠬᠦ ᠤᠤ︖ ᠦᠬᠢᠨ ᠤᠮᠤᠭᠤᠯᠳᠠᠵᠤ ᠬᠠᠳᠠᠭᠰᠠᠨ ᠤᠷᠤᠭᠤᠯ ᠢᠶᠠᠨ | ᠰᠢᠯᠡᠮᠳᠡᠵᠦ ᠦᠨᠳᠡᠶᠢᠭᠡᠳ ᠡᠬᠡ ᠶᠢᠨ ᠢᠶᠠᠨ ᠤᠰᠤ ᠶᠢ ᠨᠢᠭᠡ ᠠᠮᠢᠰᠬᠤᠭ᠎ᠠ ᠪᠠᠷ ᠵᠠᠯᠬᠢᠯᠠᠴᠢᠬᠠᠯᠠ᠃ ᠡ ᠠᠰᠢᠬᠦᠢ᠂ | ᠦᠬᠢᠨ ᠨᠦᠢᠷᠰᠤᠯᠠ᠃ ᠭᠡᠪᠡᠴᠦ ᠪᠠᠶᠢᠨ ᠪᠠᠶᠢᠨ ᠦᠨᠡᠭᠡᠴᠢᠯᠡᠨᠡ᠃ ᠳᠠᠪ ᠲᠤᠪ ᠬᠢᠨ ᠴᠤᠴᠢᠨ ᠰᠡᠷᠡᠨ᠎ᠡ᠃ ᠲᠤᠯᠮ᠎ᠠ | ᠠᠷᠭ᠎ᠠ ᠶᠠᠳᠠᠬᠤ ᠳᠠᠭᠠᠨ ᠦᠬᠢᠨ ᠢᠶᠠᠨ ᠪᠤᠷᠤᠯᠵᠢᠯᠠᠯᠠ᠃ ᠰᠠᠨᠠᠭ᠎ᠠ ᠲᠠᠭᠠᠭᠠᠳ ᠴᠤ ᠲᠡᠷᠡ ᠶᠤᠮ ᠤᠤ︖ ᠦᠬᠢᠨ ᠨᠢ | ᠠᠶᠢᠪᠠᠩ ᠲᠠᠶᠢᠪᠤᠩ ᠰᠠᠶᠢᠬᠠᠨ ᠨᠦᠢᠷᠰᠤᠯᠠ᠃ ᠮᠠᠷᠭᠠᠰᠢ ᠦᠷᠯᠦᠭᠡ ᠦᠬᠢᠨ ᠡᠪ ᠡᠷᠡᠬᠦᠯ ᠴᠤᠪᠤᠭᠤ ᠴᠤᠯᠬᠢᠨ | ᠰᠡᠷᠡᠯ᠎ᠡ᠃ ᠲᠡᠪᠬᠡᠷᠴᠡᠵᠤ ᠴᠤᠪᠬᠤᠷᠴᠡᠵᠤ ᠢᠨᠢᠶᠡᠵᠦ ᠬᠠᠨᠢᠶᠠᠵᠤ ᠶᠠᠪᠤᠭᠠᠳ ᠲᠤᠯᠢᠨ ᠳᠤ ᠭᠡᠨᠡᠳᠳᠡ ᠦᠪᠡᠷ ᠢ ᠪᠠᠨ | ᠬᠠᠷᠠᠭᠰᠠᠨ ᠢᠶᠠᠨ᠄ | — ᠬᠦᠶ᠋ᠢ᠂ ᠡᠵᠢ ᠡ︖ ᠮᠢᠨᠦ ᠬᠠᠮᠠᠷ ᠶᠠᠭᠠᠬᠢᠭᠠᠳ ᠬᠦ᠋ ᠲᠠᠢ ᠪᠤᠯᠴᠢᠬᠠᠭᠰᠠᠨ ᠶᠤᠮ ᠪᠤᠯ︖ | — ᠡᠵᠢ ᠨᠢ ᠬᠦᠭᠡᠳᠡᠭᠰᠡᠨ ᠶᠤᠮ ᠡ᠂ ᠮᠢᠨᠦ ᠦᠬᠢᠨ ᠪᠦᠷ ᠬᠤᠯᠠ᠂ ᠢᠷᠡᠬᠦ ᠦᠭᠡᠢ ᠶᠠᠪᠤᠴᠢᠬᠠᠬᠤ ᠭᠡᠳ | ᠪᠠᠶᠢᠭᠰᠠᠨ᠃ | — ᠠ᠂ ᠬᠦᠭᠡᠳᠡᠪᠡᠯ ᠬᠤᠯᠠ ᠶᠠᠪᠤᠳᠠᠭ ᠦᠭᠡᠢ ᠶᠤᠮ ᠤᠤ︖ | — ᠲᠡᠶᠢᠮᠦ ᠡ᠃ | — ᠬᠤᠷᠳᠤᠨ ᠢᠷᠡᠳᠡᠭ ᠶᠤᠮ ᠤᠤ︖ | — ᠲᠡᠶᠢᠮᠦ ᠡ᠃ ᠲᠤᠯᠮ᠎ᠠ ᠡᠷᠳᠡᠴᠢ ᠪᠤᠯᠵᠤᠮᠤᠷ ᠮᠡᠲᠦ ᠱᠤᠯᠤᠭᠠᠨᠠᠨ ᠵᠢᠷᠬᠢᠬᠦ ᠦᠬᠢᠨ ᠤ ᠪᠠᠨ ᠳᠠᠭᠤᠨ ᠳᠤ | ᠪᠦᠪᠠᠶᠢᠯᠡᠭᠳᠡᠨ ᠲᠤᠭᠬᠢᠵᠡᠢ᠃ ᠠᠳᠠ ᠲᠠᠢ ᠪᠠᠷ ᠴᠢᠰ ᠴᠢᠰ ᠢᠨᠢᠶᠡᠬᠦ ᠴᠢᠮᠡᠭᠡ ᠪᠠᠷ ᠰᠡᠷᠡᠭᠡᠳ ᠭᠠᠭᠴᠠᠬᠠᠨ ᠰᠦᠨᠢ ᠶᠢᠨ | ᠨᠦᠢᠷ ᠲᠠᠭᠠᠯᠬᠦᠢ ᠤᠨᠳᠠᠭᠰᠠᠨ ᠦᠪᠡᠷ ᠢ ᠪᠠᠨ ᠵᠢᠮᠡᠯᠡᠵᠦ᠂ ᠦᠬᠢᠨ ᠢ ᠪᠠᠨ ᠡᠩᠬᠦᠷᠡᠶᠢᠯᠡᠨ ᠦᠨᠦᠰᠦᠭᠡᠳ᠂ ᠲᠠᠭᠠᠷᠠᠵᠤ | ᠬᠦᠭᠡᠷᠡᠭᠡᠳ ᠭᠠᠳᠠᠭᠤᠷ ᠲᠡᠨᠦᠬᠦ ᠦᠭᠡᠢ ᠪᠠᠶᠢᠬᠤ ᠶᠢ ᠬᠢᠴᠢᠶᠡᠩᠬᠦ᠋ᠢᠯᠡᠨ ᠵᠠᠬᠢᠭᠠᠳ ᠠᠵᠢᠯ ᠳᠠᠭᠠᠨ ᠶᠠᠪᠤᠬᠤ ᠪᠠᠷ | ᠦᠨᠳᠡᠶᠢᠯᠡ᠃ | ᠦᠬᠢᠨ ᠡᠳᠦᠷ ᠪᠦᠬᠦᠨ ᠬᠡᠯᠡᠵᠦ ᠬᠤᠴᠤᠷᠳᠠᠭ ︽ᠬᠤᠷᠳᠤᠨ ᠢᠷᠡᠭᠡᠷᠡᠢ︾ ᠭᠡᠳᠡᠭ ᠦᠭᠡ ᠪᠠᠨ ᠬᠡᠯᠡᠭᠡ ᠦᠭᠡᠢ | ᠦᠨᠵᠢᠭᠰᠡᠨ ᠢ ᠠᠵᠢᠯ ᠳᠠᠭᠠᠨ ᠶᠠᠭᠠᠷᠠᠭᠰᠠᠨ ᠲᠤᠯᠮ᠎ᠠ ᠤᠭᠳᠤ ᠠᠩᠵᠠᠭᠠᠷᠠᠬᠰᠠᠨ ᠦᠭᠡᠢ᠃ ᠶᠠᠪᠤᠭᠤᠳᠠ ᠲᠤᠮᠳᠠ ᠪᠠᠨ | ᠪᠤᠳᠤᠭ ᠰᠢᠩᠬᠤ ᠪᠠᠨ ᠰᠡᠷᠬᠦᠭᠡᠬᠦ ᠪᠠᠷ ᠲᠤᠯᠢ ᠪᠠᠨ ᠭᠠᠷᠭᠠᠨ ᠬᠠᠷᠠᠳᠠᠯ᠎ᠠ ᠦᠭᠡᠳᠡ ᠠᠴᠠ ᠨᠢ ᠲᠦᠷᠯᠡᠬᠡᠷ ᠠᠯᠠᠭ | ᠨᠢᠳᠦ ᠲᠠᠢ ᠬᠠᠷ᠎ᠠ ᠬᠠᠯᠵᠠᠨ ᠪᠦᠰᠡᠭᠦᠢ ᠭᠠᠶᠢᠬᠠᠨ ᠬᠠᠷᠠᠵᠤ ᠪᠠᠶᠢᠯ᠎ᠠ᠃ ᠫᠦᠬᠦ ᠶᠠᠭᠠᠬᠢᠨ᠎ᠠ︕ ᠭᠡᠵᠦ ᠤᠤᠯᠭ᠎ᠠ | ᠠᠯᠳᠠᠭᠠᠳ ᠠᠭᠤᠷᠯᠠᠵᠤ ᠢᠴᠢᠭᠰᠡᠨ ᠳᠡᠭᠡᠨ ᠮᠡᠨᠴᠡᠶᠢᠨ ᠤᠯᠠᠶᠢᠵᠤ ᠭᠡᠷ ᠲᠡᠭᠡᠨ ᠬᠠᠷᠠᠶᠢᠨ ᠤᠷᠤᠭᠠᠳ ᠬᠠᠰᠬᠢᠴᠠᠨ | ᠵᠠᠩᠨᠠᠬᠤ ᠭᠡᠲᠡᠯ᠎ᠡ ᠦᠬᠢᠨ ᠨᠢ᠄ | — ᠦᠨᠡᠨ ᠪᠠᠶᠢᠨ᠎ᠠ᠃ ᠡᠵᠢ ᠬᠤᠷᠳᠤᠨ ᠢᠷᠡᠯ᠎ᠡ ᠰᠢᠦ᠃ ᠤᠳᠤ ᠲᠡᠭᠡᠪᠡᠯ ᠠᠪᠤ ᠶᠢ ᠬᠡᠮᠡᠨ ᠪᠠᠶᠠᠷᠯᠠᠨ | ᠬᠠᠰᠬᠢᠷᠤᠭᠠᠳ ᠪᠤᠷᠬᠠᠨ ᠪᠤᠯᠤᠭᠠᠴᠢ ᠡᠴᠢᠬᠡ ᠶᠢᠨ ᠢᠶᠠᠨ ᠵᠢᠷᠤᠭ ᠢ ᠶᠠᠭᠠᠬᠢᠬᠤ ᠡᠶᠢᠬᠦ ᠶᠢᠨ ᠵᠠᠭᠤᠷ᠎ᠠ ᠦᠭᠡᠢ | ᠪᠤᠷᠤᠯᠵᠢᠭᠤᠯᠵᠤ ᠤᠷᠬᠢᠯ᠎ᠠ᠃ | | | | | ᠵᠣᠬᠢᠶᠠᠭᠴᠢ᠄ ᠵᠠ᠊ · ᠰᠠᠷᠠᠨᠲᠤᠶᠠᠭ᠎ᠠ | |