ᠭᠠᠵᠠᠷ ᠤᠷᠤᠨ ᠤ ᠨᠡᠷᠡᠶᠢᠳᠦᠯ ᠭᠡᠵᠤ ᠤᠯᠠᠨ ᠵᠦᠢᠯ ᠤᠨ ᠢᠷᠡᠯᠳᠡ ᠲᠠᠢ ᠪᠠᠶᠢᠳᠠᠭ᠃ ᠪᠠᠶᠢᠭᠠᠯᠢ ᠶᠢᠨ ᠤᠷᠴᠢᠨ | ᠳᠤᠭᠤᠷᠢᠨ᠂ ᠭᠠᠵᠠᠷ ᠤᠨ ᠭᠠᠳᠠᠷᠭᠤ ᠶᠢᠨ ᠤᠨᠴᠠᠯᠢᠭ᠂ ᠭᠠᠵᠠᠷ ᠤᠨ ᠪᠠᠶᠢᠴᠠ ᠪᠠᠶᠢᠷᠢᠰᠢᠯ᠂ ᠤᠷᠭᠤᠮᠠᠯ᠂ ᠠᠮᠢᠳᠠᠨ᠂ | ᠳᠤᠮᠤᠭ ᠦᠯᠢᠭᠡᠷ᠂ ᠳᠡᠦᠭᠡᠨ ᠬᠦᠮᠦᠨ᠂ ᠳᠡᠦᠭᠡᠳᠦ ᠭᠡᠷᠡᠭ᠂ ᠭᠡᠷ ᠪᠦᠯᠢ ᠤᠭᠰᠠᠭ᠎ᠠ ᠲᠦᠷᠦᠯ᠂ ᠪᠡᠯᠭᠡᠳᠡᠯ ᠤᠳᠬ᠎ᠠ | ᠵᠡᠷᠭᠡ ᠠᠴᠠ ᠪᠦᠷ ᠨᠡᠷᠡᠶᠢᠳᠦᠳᠡᠭ᠃ ᠵᠠᠷᠢᠮ ᠨᠢᠭᠡ ᠨᠢ ᠤᠷᠳᠦ ᠤᠳᠠᠭᠠᠨ ᠳᠡᠦᠭᠡᠨ ᠶᠠᠪᠤᠴᠠ ᠳᠤ᠂ ᠵᠠᠰᠠᠭ | ᠶᠠᠪᠤᠭᠤᠯᠬᠤ ᠱᠠᠭᠠᠷᠳᠠᠯᠭ᠎ᠠ ᠭᠡᠷᠡᠭᠴᠡᠭᠡ ᠪᠤᠶᠤ ᠬᠦᠮᠦᠰ ᠤᠯᠠᠮᠵᠢᠯᠠᠨ ᠭᠡᠷᠡᠭᠯᠡᠬᠦ ᠦᠶᠡᠰ ᠳᠠᠭᠤᠳᠠᠯᠭ᠎ᠠ ᠤᠩᠰᠢᠯᠭ᠎ᠠ ᠨᠢ | ᠬᠤᠪᠢᠷᠠᠯᠳᠠ ᠭᠠᠷᠬᠤ ᠪᠤᠶᠤ ᠨᠡᠶᠢᠯᠡᠬᠦᠯᠦᠨ ᠳᠠᠭᠤᠳᠠᠬᠤ ᠮᠡᠳᠦ ᠶᠢᠨ ᠦᠵᠡᠭᠳᠡᠯ ᠳᠠᠩᠳᠠ ᠪᠠᠶᠢᠳᠠᠭ᠃ ᠲᠤᠤᠷ᠎ᠠ ︽ | ᠶᠠᠭᠰᠢ ᠬᠤᠳᠠ︾ ᠶᠢ ᠰᠤᠩᠭᠤᠨ᠂ ᠳᠡᠬᠦᠨ ᠤ ᠬᠠᠮᠢᠶ᠎ᠠ ᠪᠦᠬᠦᠢ ᠮᠠᠲ᠋ᠧᠷᠢᠶᠠᠯ ᠢ ᠦᠨᠳᠦᠰᠦᠯᠡᠨ᠂ ᠳᠦᠬᠦᠮ | ᠲᠠᠨᠢᠯᠴᠠᠭᠤᠯᠰᠤᠭᠠᠢ᠃ | ᠶᠠᠭᠰᠢ ᠬᠤᠳᠠ ᠪᠤᠯ ᠦᠨᠦᠳᠦᠷ ᠤᠨ ᠬᠦᠯᠦᠨ ᠪᠤᠶᠢᠷ ᠬᠤᠳᠠ ᠳᠤ ᠬᠠᠷᠢᠶᠠᠯᠠᠭᠳᠠᠵᠤ ᠪᠤᠢ᠃ ᠨᠢᠭᠡ ᠵᠠᠭᠤᠨ ᠤ | ᠡᠮᠤᠨ᠎ᠡ ᠰᠤᠯᠤᠨ ᠬᠤᠰᠢᠭᠤᠨ ᠤ ᠨᠡᠬᠦᠳᠡᠯ ᠮᠠᠯᠵᠢᠯ ᠪᠠ ᠠᠩ ᠠᠩᠨᠠᠳᠠᠭ ᠭᠠᠵᠠᠷ ᠤᠷᠤᠨ ᠪᠠᠶᠢᠭᠰᠠᠨ᠃ ᠤᠳᠤ | ᠪᠠᠶᠢᠭᠠᠯᠢ ᠶᠢᠨ ᠡᠬᠢ ᠪᠠᠶᠠᠯᠢᠭ᠂ ᠨᠡᠩ ᠤᠨᠴᠠᠭᠠᠢᠢᠯᠠᠨ ᠢᠬᠴᠢ ᠰᠠᠬᠤᠯᠠᠭ ᠤᠢ ᠰᠢᠭᠤᠢ ᠶᠢᠨ ᠡᠯᠪᠡᠭ ᠰᠤᠷᠪᠤᠯᠵᠢ ᠪᠠᠨ | ᠳᠦᠰᠢᠭᠯᠡᠨ᠂ ᠦᠷᠨᠢᠩᠭᠦᠢ ᠬᠦᠭᠵᠢᠵᠤ ᠪᠠᠶᠢᠭ᠎ᠠ ᠬᠤᠳᠠ ᠪᠤᠯᠤᠭᠰᠠᠨ ᠪᠠᠶᠢᠨ᠎ᠠ᠃ | 1950 ᠤᠨ ᠳᠤ᠂ ᠰᠢᠭᠤᠢᠢᠲᠦ ᠬᠤᠰᠢᠭᠤ ᠪᠠᠶᠢᠭᠤᠯᠵᠤ᠂ 1983 ᠤᠨ ᠤ 10 ᠰᠠᠷ᠎ᠠ ᠶᠢᠨ 10 ᠤ | ᠡᠳᠦᠷ᠂ ᠲᠦᠷᠦ ᠶᠢᠨ ᠶᠠᠪᠤᠳᠠᠯ ᠤᠨ ᠬᠤᠷᠢᠶᠠᠨ ᠤ ᠬᠢᠨᠠᠯ ᠵᠦᠪᠰᠢᠶᠡᠷᠡᠯ ᠢᠶᠠᠷ᠂ ᠰᠢᠭᠤᠢᠢᠲᠦ ᠬᠤᠰᠢᠭᠤ ᠶᠢ ᠬᠦᠴᠦᠨ | ᠦᠭᠡᠢ ᠪᠤᠯᠭᠠᠵᠤ᠂ ᠶᠠᠭᠰᠢ ᠬᠤᠳᠠ ︵ᠰᠢᠶᠠᠨ ᠤ ᠳᠡᠰ︶ ᠶᠢ ᠲᠤᠬᠢᠷᠠᠭᠤᠯᠤᠨ ᠪᠠᠶᠢᠭᠤᠯᠵᠠᠢ᠃ ᠤᠤᠯ ᠤᠨ | ᠰᠢᠭᠤᠢᠢᠲᠦ ᠬᠤᠰᠢᠭᠤᠨ ᠤ ᠵᠠᠰᠠᠭ ᠵᠠᠬᠢᠷᠭᠠᠨ ᠤ ᠤᠷᠤᠨ ᠤ ᠬᠦᠷᠢᠶ᠎ᠡ ᠬᠡᠪᠴᠢᠶ᠎ᠡ ᠪᠠᠷ ᠪᠠᠷᠢᠮᠵᠢᠶᠠᠯᠠᠵᠤ ᠶᠠᠭᠰᠢ | ᠬᠤᠳᠠ ᠶᠢᠨ ᠵᠠᠰᠠᠭ ᠵᠠᠬᠢᠷᠭᠠᠨ ᠤ ᠤᠷᠤᠨ ᠪᠤᠯᠭᠠᠵᠠᠢ᠃ | ︽ᠶᠠᠭᠰᠢ︾ ᠭᠡᠳᠡᠭ ᠨᠡᠷᠡᠶᠢᠳᠦᠯ ᠪᠤᠯ ᠮᠠᠨᠵᠤ ᠭᠡᠯᠡᠯᠭᠡ ︽ᠶᠠᠺᠰᠠ︾ ᠠᠴᠠ ᠠᠪᠢᠶ᠎ᠡ ᠬᠤᠪᠢᠷᠠᠵᠤ ᠢᠷᠡᠭᠰᠡᠨ | ᠬᠡᠳᠡᠭ᠃ ᠴᠢᠩ ᠤᠯᠤᠰ ᠤᠨ ᠦᠶ᠎ᠡ ᠳᠤ᠂ ᠦᠨᠦᠳᠦᠷ ᠤᠨ ᠶᠠᠭᠰᠢ ᠬᠤᠳᠠ ᠶᠢᠨ ᠰᠠᠭᠤᠭ᠎ᠠ ᠭᠠᠵᠡᠷ ᠤᠨ | ᠨᠡᠷᠡᠶᠢᠳᠦᠯ ᠨᠢ ︽ᠵᠠᠳᠦᠨ ᠪᠢᠷ᠎ᠠ ᠶᠠᠺᠰᠠ︾ ᠭᠡᠳᠡᠭ᠂ ︽ᠪᠢᠷ᠎ᠠ︾ ᠭᠡᠵᠤ ᠮᠠᠨᠵᠤ ᠦᠭᠡ᠂ ︽ᠭᠤᠤᠯ︾ ᠭᠡᠰᠡᠨ | ᠤᠳᠬ᠎ᠠ ᠲᠠᠢ᠂ ︽ᠵᠠᠳᠦᠨ ᠪᠢᠷ᠎ᠠ︾ ᠪᠤᠯ ᠳᠠᠷᠤᠢ ︽ᠵᠠᠳᠤᠨ ᠭᠤᠤᠯ︾ ᠪᠤᠯᠠᠢ᠃ ︽ᠶᠠᠺᠰᠠ︾ ᠭᠡᠰᠡᠨ ᠮᠠᠨᠵᠤ | ᠦᠭᠡ ᠨᠢ ︽ᠨᠤᠷᠠᠭᠰᠠᠨ ᠭᠤᠤᠯ ᠤᠨ ᠲᠤᠬᠤᠢ︾ ᠭᠡᠰᠡᠨ ᠤᠳᠬ᠎ᠠ ᠲᠠᠢ᠂ ︽ᠵᠠᠳᠦᠨ ᠪᠢᠷ᠎ᠠ ᠶᠠᠺᠰᠠ︾ ᠪᠤᠯ ︽ | ᠵᠠᠳᠤᠨ ᠭᠤᠤᠯ ᠤᠨ ᠨᠤᠷᠠᠠᠭᠰᠠᠨ ᠲᠤᠬᠤᠢ︾ ᠭᠡᠰᠡᠨ ᠤᠳᠬ᠎ᠠ ᠲᠠᠢ ᠦᠬᠡ ᠪᠤᠯᠤᠨ᠎ᠠ᠃ | ︽ᠶᠠᠬᠰᠢ︾ ᠬᠡᠬᠦ ᠭᠠᠵᠠᠷ ᠤᠨ ᠨᠡᠷ᠎ᠠ ᠭᠡᠷᠬᠢᠨ ᠢᠷᠡᠭᠰᠡᠨ ᠪᠢᠯᠡ︖ | ᠶᠠᠭᠰᠢ ᠬᠤᠳᠠ ᠬᠠᠶᠢᠯᠠᠷ ᠭᠤᠤᠯ ᠪᠠ ᠮᠠᠨᠳᠦᠭᠡ ᠭᠤᠤᠯ ᠤᠷᠤᠰᠬᠠᠯ ᠨᠡᠶᠢᠯᠡᠭᠰᠡᠨ ᠡᠮᠦᠨ᠎ᠡ ᠭᠡᠰᠡᠭ ᠲᠤ | ᠪᠠᠶᠢᠷᠢᠯᠠᠵᠤ ᠪᠠᠶᠢᠨ᠎ᠠ᠃ ᠴᠢᠩ ᠤᠯᠤᠰ ᠤᠨ ᠦᠶ᠎ᠡ ᠳᠤ᠂ ᠮᠠᠨᠳᠦᠭᠡ ᠭᠤᠤᠯ ᠪᠠ ᠵᠠᠳᠤᠨ ᠭᠤᠤᠯ ᠢ ᠬᠠᠮᠳᠦ ᠳᠤᠨᠢ ︽ | ᠵᠠᠳᠤᠨ ᠭᠤᠤᠯ︾ ᠭᠡᠵᠤ ᠨᠡᠷᠡᠯᠡᠳᠡᠭ᠃ ᠮᠠᠨᠳᠡᠭᠡ ᠭᠤᠤᠯ ᠬᠡᠮᠡᠨ ᠠᠰᠳᠠᠭᠠᠨ ᠳᠠᠭᠤᠳᠠᠯᠭ᠎ᠠ ᠪᠠᠶᠢᠭᠰᠠᠨ ᠦᠭᠡᠢ᠃ | ᠲᠦᠷᠦ ᠭᠡᠷᠡᠯᠳᠦ ᠶᠢᠨ ᠬᠤᠷᠢᠨ ᠳᠠᠪᠤᠳᠤᠭᠠᠷ ᠵᠢᠯ ︵1899 ᠤᠨ︶ ᠳᠤ ᠭᠡᠪᠯᠡᠭᠰᠡᠨ ︽ᠬᠠᠷᠠᠮᠦ᠋ᠷᠡᠨ ᠤ | ᠭᠠᠵᠠᠷ ᠤᠨ ᠵᠢᠷᠤᠭ︾ ᠲᠤ ᠳᠡᠮᠳᠡᠭᠯᠡᠭᠰᠡᠨ ᠢ ᠦᠨᠳᠦᠰᠦᠯᠡᠪᠡᠯ᠂ ᠵᠠᠳᠤᠨ ᠭᠤᠤᠯ ᠤᠨ ᠤᠷᠤᠰᠬᠠᠯ ᠦᠨᠦᠳᠦᠷ ᠤᠨ | ᠶᠠᠭᠰᠢ ᠬᠤᠳᠠ ᠶᠢᠨ ᠬᠤᠶᠢᠳᠦ ᠭᠡᠰᠡᠭ ᠢᠶᠠᠷ ᠤᠷᠤᠰᠤᠨ ᠦᠩᠭᠡᠷᠡᠬᠦ ᠳᠤ᠂ ᠳᠤᠮᠳᠠ ᠤᠷᠤᠰᠬᠠᠯ ᠳᠤᠨᠢ ᠨᠡᠯᠢᠶᠡᠳ ᠶᠡᠭᠡ | ᠳᠠᠯᠠᠪᠠᠢ ᠲᠠᠢ ᠭᠤᠤᠯ ᠤᠨ ᠲᠤᠬᠤᠢ ᠪᠦᠷᠢᠯᠳᠦᠵᠤ᠂ ᠳᠠᠬᠢᠨ ᠤᠮᠠᠷᠠᠰᠢ ᠤᠷᠤᠰᠤᠨ ᠬᠠᠶᠢᠯᠠᠷ ᠭᠤᠤᠯ ᠳᠤ ᠨᠡᠶᠢᠯᠡᠨ | ᠤᠷᠤᠳᠠᠭ᠃ ︽ᠵᠠᠳᠦᠨ ᠪᠢᠷ᠎ᠠ ᠶᠠᠺᠰᠠ︾ ᠭᠡᠳᠡᠭ ᠨᠡᠷ᠎ᠡ ᠡᠨᠡ ᠭᠤᠤᠯ ᠤᠨ ᠲᠤᠬᠤᠢ ᠪᠠᠷ ᠨᠡᠷᠡᠯᠡᠭᠳᠡᠭᠰᠡᠨ ᠪᠠᠶᠢᠨ᠎ᠠ᠃ | 1732 ᠤᠨ ᠳᠤ᠂ ᠴᠢᠩ ᠤᠯᠤᠰ ᠤᠨ ᠵᠠᠰᠠᠭ ᠤᠨ ᠤᠷᠳᠤᠨ ᠬᠦᠯᠦᠨ ᠪᠤᠶᠢᠷ ᠤᠨ ᠭᠠᠵᠠᠷ ᠤᠷᠤᠨ ᠳᠠᠬᠢ | ᠰᠡᠷᠭᠡᠶᠢᠯᠡᠯᠳᠡ ᠪᠠᠨ ᠴᠢᠩᠭᠠᠳᠬᠠᠬᠤ ᠶᠢᠨ ᠲᠦᠯᠦᠭᠡ᠂ ᠴᠢᠴᠢᠬᠠᠷ ᠠᠴᠠ ᠬᠦᠯᠦᠨ ᠪᠤᠶᠢᠷ ᠬᠤᠳᠠ ︵ᠬᠠᠶᠢᠯᠠᠷ ᠤᠷᠤᠨ︶ | ᠬᠦᠷᠳᠡᠯ᠎ᠠ 10 ᠦᠷᠳᠡᠭᠡᠨ ᠤ ᠭᠠᠵᠠᠷ ᠳᠤᠬᠢᠷᠠᠭᠤᠯᠵᠠᠢ᠃ ᠳᠡᠬᠦᠨ ᠤ ᠳᠤᠮᠳᠠᠬᠢ ᠨᠢᠭᠡ ᠨᠢ ᠳᠠᠷᠤᠢ ᠡᠨᠡ ᠭᠡᠰᠡᠭ | ᠭᠠᠵᠠᠷ ᠲᠤ ᠪᠠᠶᠢᠵᠤ᠂ ︽ᠵᠠᠳᠦᠨ ᠪᠢᠷ᠎ᠠ ᠶᠠᠺᠰᠠ︾ ᠦᠷᠳᠡᠭᠡ ᠬᠡᠮᠡᠨ ᠨᠡᠷᠡᠶᠢᠳᠴᠡᠢ᠃ 1901 ᠤᠨ ᠳᠤ᠂ ︽ | ᠳ᠋ᠦᠩ ᠴᠢᠩ ᠳᠡᠮᠦᠷ ᠵᠠᠮ︾ ᠢ ᠵᠠᠰᠠᠵᠤ᠂ ᠦᠷᠳᠡᠭᠡᠨ ᠤ ᠨᠡᠷ᠎ᠡ ᠨᠡᠷᠡᠶᠢᠳᠬᠦ ᠦᠶᠡᠰ᠂ ᠤᠷᠤᠰ ᠬᠦᠮᠦᠨ ︽ᠶᠠᠺᠰᠠ︾ | ᠶᠢ ︽ᠶᠠᠭᠰᠢ︾ ᠬᠡᠮᠡᠨ ᠠᠪᠢᠶ᠎ᠡ ᠶᠢ ᠨᠢ ᠬᠤᠪᠢᠷᠠᠭᠤᠯᠤᠨ ᠳᠠᠭᠤᠳᠠᠵᠠᠢ᠃ ᠰᠡᠬᠦᠯᠡᠷ ᠨᠢ ᠬᠦᠮᠦᠨ ᠠᠮᠠ ᠶᠢᠨ ᠳᠤᠭ᠎ᠠ | ᠨᠡᠮᠡᠭᠳᠡᠬᠦ ᠪᠠ ᠠᠵᠤ ᠠᠬᠤᠢ ᠶᠢᠨ ᠬᠦᠭᠵᠢᠯᠳᠡ ᠶᠢ ᠳᠠᠭᠠᠯᠳᠤᠨ᠂ ︽ᠶᠠᠭᠰᠢ︾ ᠬᠡᠮᠡᠬᠦ ᠭᠠᠯᠳᠦ ᠳᠡᠷᠭᠡᠨ ᠦᠷᠳᠡᠭᠡᠨ ᠤ | ᠨᠡᠷ᠎ᠠ ᠠᠯᠭᠤᠷ ᠠᠭᠠᠵᠢᠮ ᠢᠶᠠᠷ ᠬᠤᠳᠠ ᠪᠠᠯᠭᠠᠰᠦᠨ ᠤ ᠭᠠᠵᠠᠷ ᠵᠦᠢ ᠶᠢᠨ ᠨᠡᠷᠡᠶᠢᠳᠦᠯ ᠪᠤᠯᠵᠤ᠂ ᠦᠨᠦ ᠪᠤᠯᠳᠠᠯ᠎ᠠ | ᠤᠯᠠᠮᠵᠢᠯᠠᠨ ᠭᠡᠷᠡᠭᠯᠡᠭᠳᠡᠭᠰᠡᠭᠡᠷ ᠢᠷᠡᠵᠡᠢ᠃ | |