| — ᠡᠷᠬᠡ ᠰᠦᠷᠳᠦ ᠰᠠᠯᠠᠭ᠎ᠠ ᠮᠦᠴᠢᠷ ᠠᠴᠠ ᠰᠢᠨ᠎ᠠ ᠳᠢᠳᠢᠮᠯᠢᠭ ᠠᠭᠤᠰᠬᠢᠨ ᠦᠷᠪᠢᠰᠦᠯ ᠤᠨ ᠸᠢᠷᠦ᠋ᠰ ᠤᠨ | ᠸᠠᠺᠼᠢᠨ ᠤ ᠳᠤᠯᠤᠭᠠᠨ ᠶᠡᠭᠡ ᠠᠰᠠᠭᠤᠳᠠᠯ ᠳᠤ ᠬᠠᠷᠢᠭᠤᠯᠳᠠ ᠦᠭᠬᠦᠭᠰᠡᠨ ᠨᠢ | | ᠶᠠᠮᠠᠷ ᠬᠦᠮᠦᠰ ᠲᠤ ᠰᠢᠨ᠎ᠡ ᠳᠢᠳᠢᠮᠯᠢᠭ ᠠᠭᠤᠰᠬᠢᠨ ᠦᠷᠪᠢᠰᠦᠯ ᠤᠨ ᠸᠠᠺᠼᠢᠨ ᠳᠠᠷᠢᠵᠦ ᠪᠤᠯᠬᠤ ᠪᠤᠢ︖ | ᠬᠠᠮᠢᠭ᠎ᠠ ᠤᠴᠢᠵᠦ ᠳᠠᠷᠢᠭᠤᠯᠬᠤ ᠪᠤᠢ︖ ᠠᠮᠤᠷ ᠳᠦᠪᠰᠢᠨ ᠤ ᠴᠢᠨᠠᠷ ᠨᠢ ᠬᠢᠷᠢ ᠵᠡᠷᠭᠡ ᠪᠠᠶᠢᠭ᠎ᠠ ᠪᠤᠯ︖ | ᠦᠨ᠎ᠠ ᠨᠢ ᠬᠡᠳᠦᠢ ᠪᠠᠶᠢᠬᠤ ᠪᠤᠢ︖ | ᠤᠯᠠᠨ ᠤ ᠠᠩᠬᠠᠷᠴᠤ ᠪᠠᠶᠢᠭ᠎ᠠ ᠡᠳᠡᠬᠡᠷ ᠬᠠᠯᠠᠮᠰᠢᠯ ᠠᠰᠠᠭᠤᠳᠠᠯ ᠳᠤ ᠴᠢᠭᠯᠡᠬᠦᠯᠦᠨ ᠳᠦᠷᠦ ᠶᠢᠨ | ᠶᠠᠪᠤᠳᠠᠯ ᠤᠨᠬᠤᠷᠢᠶᠠᠨ ᠤ ᠬᠤᠯᠪᠤᠭᠠᠯᠠᠨ ᠰᠡᠷᠬᠡᠶᠢᠯᠡᠵᠦ ᠬᠤᠯᠪᠤᠭᠠᠯᠠᠨ ᠡᠵᠡᠮᠳᠡᠬᠦ ᠳᠤᠬᠳᠠᠴᠠ ᠶᠢᠨ ᠬᠢᠨ 19 ᠤ | ᠡᠳᠦᠷ ᠰᠤᠨᠢᠨ ᠮᠡᠳᠡᠭᠡ ᠨᠡᠶᠢᠳᠡᠯᠡᠬᠦ ᠬᠤᠷᠠᠯ ᠬᠢᠵᠦ᠂ ᠤᠯᠤᠰ ᠤᠨ ᠡᠷᠡᠬᠦᠯ ᠬᠠᠮᠠᠭᠠᠯᠠᠯ ᠡᠷᠡᠬᠦᠯ ᠮᠡᠨᠳᠦ ᠶᠢᠨ | ᠵᠦᠪᠯᠡᠯ ᠵᠡᠷᠬᠡ ᠰᠠᠯᠠᠭ᠎ᠠ ᠮᠦᠴᠢᠷ ᠤᠨ ᠬᠤᠯᠪᠤᠬᠳᠠᠯ ᠪᠦᠬᠦᠢ ᠬᠠᠷᠢᠭᠤᠴᠠᠯᠭᠠᠳᠠᠨ ᠡᠷᠬᠡ ᠰᠦᠷᠳᠦ ᠬᠠᠷᠢᠭᠤᠯᠳᠠ | ᠦᠭᠬᠦᠯ᠎ᠠ᠃ | ᠶᠠᠮᠠᠷ ᠬᠦᠮᠦᠰ ᠲᠤ ᠰᠢᠨ᠎ᠡ ᠳᠢᠳᠢᠮᠯᠢᠭ ᠠᠭᠤᠰᠬᠢᠨ ᠦᠷᠪᠢᠰᠦᠯ ᠤᠨ ᠸᠠᠺᠼᠢᠨ ᠳᠠᠷᠢᠵᠦ ᠪᠤᠯᠬᠤ ᠪᠤᠢ︖ | | ︽ᠡᠪᠤᠯ ᠬᠠᠪᠤᠷ ᠤᠨ ᠤᠯᠠᠷᠢᠯ ᠬᠦᠷᠴᠦ ᠢᠷᠡᠬᠦ ᠳᠠᠰᠢᠷᠠᠮ ᠢᠶᠠᠷ᠂ ᠬᠡᠰᠡᠭ ᠭᠤᠤᠯᠳᠠᠯᠭ᠎ᠠ ᠲᠠᠢ ᠬᠦᠮᠦᠰ ᠲᠤ | ᠰᠢᠨ᠎ᠡ ᠳᠢᠳᠢᠮᠯᠢᠭ ᠠᠭᠤᠰᠬᠢᠨ ᠦᠷᠪᠢᠰᠦᠯ ᠤᠨ ᠸᠠᠺᠼᠢᠨ ᠢ ᠳᠠᠷᠢᠬᠤ ᠠᠵᠢᠯ ᠢ ᠦᠷᠨᠢᠬᠦᠯᠦᠨ᠎ᠠ︾ ᠬᠡᠵᠦ | ᠳᠦᠷᠦ ᠶᠢᠨ ᠶᠠᠪᠤᠳᠠᠯ ᠤᠨᠬᠤᠷᠢᠶᠠᠨ ᠤ ᠬᠤᠯᠪᠤᠭᠠᠯᠠᠨ ᠰᠡᠷᠬᠡᠶᠢᠯᠡᠵᠦ ᠬᠤᠯᠪᠤᠭᠠᠯᠠᠨ ᠡᠵᠡᠮᠳᠡᠬᠦ ᠳᠤᠬᠳᠠᠴᠠ ᠶᠢᠨ | ᠰᠢᠨᠵᠢᠯᠡᠬᠦ ᠤᠬᠠᠭᠠᠨ ᠤ ᠰᠤᠳᠤᠯᠭᠠᠨ ᠤᠪᠤᠭᠤᠮᠳᠠ ᠰᠢᠪᠳᠤᠯᠬᠤ ᠳᠤᠭᠤᠢᠢᠯᠠᠩ ᠤᠨ ᠸᠠᠺᠼᠢᠨ ᠰᠤᠳᠤᠯᠤᠨ | ᠦᠢᠯᠡᠳᠬᠦ ᠳᠤᠰᠬᠠᠢ ᠠᠩᠬᠢ ᠶᠢᠨ ᠬᠠᠷᠢᠭᠤᠴᠠᠯᠭᠠᠳᠠᠨ᠂ᠤᠯᠤᠰ ᠤᠨ ᠡᠷᠡᠬᠦᠯ ᠬᠠᠮᠠᠭᠠᠯᠠᠯ ᠡᠷᠡᠬᠦᠯ ᠮᠡᠨᠳᠦ ᠶᠢᠨ | ᠵᠦᠪᠯᠡᠯ ᠤᠨ ᠳᠡᠳ᠋ ᠡᠷᠬᠢᠯᠡᠭᠴᠢ ᠼᠧᠩ ᠢ ᠰᠢᠨ ᠬᠡᠯᠡᠬᠦ ᠶᠢᠨ ᠬᠠᠮᠳᠤ᠂ᠳᠠᠷᠠᠭᠠᠴᠢ ᠶᠢᠨ ᠠᠯᠬᠤᠮ ᠳᠤ | ᠬᠠᠯᠳᠠᠪᠤᠷᠢᠯᠠᠬᠳᠠᠬᠤ ᠠᠶᠤᠯ ᠶᠡᠬᠡᠳᠡᠢ ᠬᠦᠮᠦᠰ ᠲᠤ ︽ᠳᠠᠷᠢᠪᠠᠯ ᠵᠤᠬᠢᠬᠤ ᠬᠦᠮᠦᠰ ᠲᠤ ᠪᠦᠷᠲ᠋ᠠᠷᠢᠬᠤ︾ | ᠠᠵᠢᠯ ᠢ ᠠᠯᠢ ᠴᠢᠳᠠᠬᠤ ᠪᠠᠷ ᠬᠦᠢᠴᠡᠳ ᠬᠢᠵᠦ᠂ ᠨᠦᠬᠦᠴᠡᠯ ᠳᠤ ᠨᠡᠶᠢᠴᠡᠭᠰᠡᠨ ᠬᠦᠮᠦᠨ ᠪᠦᠬᠦᠨ ᠳᠤ | ᠴᠠᠬᠲ᠋ᠤᠬᠠᠢ ᠳᠤᠨᠢ ᠪᠦᠷ ᠳᠠᠷᠢᠯᠭ᠎ᠠ ᠳᠠᠷᠢᠨ᠎ᠠ ᠬᠡᠵᠦ ᠢᠯᠡᠳᠬᠡᠪᠡ᠃ | ᠤᠯᠤᠰ ᠤᠨ ᠡᠷᠡᠬᠦᠯ ᠬᠠᠮᠠᠭᠠᠯᠠᠯ ᠡᠷᠡᠬᠦᠯ ᠮᠡᠨᠳᠦ ᠶᠢᠨ ᠵᠦᠪᠯᠡᠯ ᠤᠨ ᠡᠪᠡᠳᠴᠢᠨ ᠡᠮᠬᠡᠭ ᠢ ᠰᠡᠷᠬᠡᠶᠢᠯᠡᠨ | ᠡᠵᠡᠮᠳᠡᠬᠦ ᠳᠤᠪᠴᠢᠶᠠᠨ ᠤ ᠬᠠᠷᠢᠭᠤᠴᠠᠯᠭᠠᠳᠠᠨ ᠼᠦᠢ ᠭᠠᠩ᠂ ᠤᠳᠤᠬᠠᠨ ᠳᠤ ᠸᠠᠺᠼᠢᠨ ᠳᠠᠷᠢᠬᠤ ᠠᠷᠭ᠎ᠠ | ᠪᠤᠳᠤᠯᠭ᠎ᠠ ᠭᠡᠪᠡᠯ ︽ᠬᠤᠶᠠᠷᠠᠯᠬᠤᠮ ᠢᠶᠠᠷ ᠶᠠᠪᠤᠬᠤ︾ ᠳᠦᠰᠦᠯ ᠢ ᠬᠡᠷᠡᠭᠵᠢᠭᠦᠯᠤᠨ᠎ᠡ᠄ ᠨᠢᠬᠡᠳᠦᠬᠡᠷ ᠠᠯᠬᠤᠮ ᠳᠤ᠂ | ᠭᠤᠤᠯᠳᠠᠭᠤ ᠬᠡᠰᠡᠭ ᠭᠤᠤᠯᠳᠠᠯᠭ᠎ᠠ ᠲᠠᠢᠬᠦ᠋ᠮᠦᠰ ᠲᠤ ᠴᠢᠭᠯᠡᠬᠦᠯᠦᠨ᠎ᠠ᠂ ᠡᠬᠦᠨ ᠳᠤ ᠭᠠᠳᠠᠨ᠎ᠠ ᠠᠴᠠ ᠤᠷᠤᠭᠤᠯᠬᠤ | ᠬᠦᠢᠳᠡᠨ ᠢᠶᠠᠷ ᠵᠦᠭᠡᠭᠡᠪᠦᠷᠢᠯᠡᠬᠦ ᠪᠠᠷᠠᠭᠠᠨ ᠤ ᠬᠦᠢᠯᠭᠡᠭᠡ᠂ᠪᠤᠭᠤᠮᠳᠠ ᠶᠢᠨ ᠬᠢᠵᠢᠭ ᠰᠢᠯᠭᠠᠨ ᠪᠠᠶᠢᠴᠠᠭᠠᠬᠤ᠂ | ᠤᠩᠭᠤᠴᠠ ᠳᠤ ᠠᠶᠠᠯᠠᠯ ᠵᠢᠯᠤᠭᠤᠳᠬᠤ᠂ ᠠᠭᠠᠷ ᠤᠨ ᠠᠶᠠᠯᠠᠯ ᠤᠨᠤᠢᠢᠯᠡᠴᠢᠯᠡᠭᠡ᠂ ᠳᠦᠬᠦᠬᠡᠢ ᠰᠤᠷᠭᠤᠬ | ᠢᠳᠡᠬᠡᠨ ᠤ ᠵᠠᠬ᠎ᠠ ᠳᠡᠯᠬᠡᠬᠦᠷ᠂ ᠤᠯᠠᠨ ᠨᠡᠶᠢᠳᠡ ᠶᠢᠨ ᠵᠠᠮ ᠬᠠᠷᠢᠯᠴᠠᠭ᠎ᠠ᠂ ᠡᠮ ᠡᠮᠨᠡᠯᠬᠡᠡᠪᠡᠳᠴᠢᠨ ᠡᠮᠬᠡᠭ ᠢ | ᠰᠡᠷᠬᠡᠶᠢᠯᠡᠨ ᠡᠵᠡᠮᠳᠡᠬᠦ ᠵᠡᠷᠬᠡ ᠬᠠᠯᠳᠠᠪᠤᠷᠢᠯᠠᠬᠳᠠᠬᠤ ᠠᠶᠤᠯ ᠢᠶᠠᠷ ᠨᠡᠯᠢᠶᠡᠳ ᠶᠡᠭᠡ ᠠᠵᠢᠯᠳᠠᠳ ᠵᠢᠴᠢ ᠳᠤᠮᠳᠠᠦᠨᠳᠦᠷ | ᠬᠡᠮᠵᠢᠶᠡᠨ ᠤ ᠬᠠᠯᠳᠠᠪᠤᠷᠢᠯᠠᠬᠤ ᠠᠶᠤᠯ ᠲᠠᠢ ᠤᠯᠤᠰ ᠪᠤᠶᠤ ᠭᠠᠵᠠᠷ ᠤᠷᠤᠨ ᠳᠤ ᠤᠴᠢᠵᠦ ᠠᠵᠢᠯᠯᠠᠵᠦ | ᠰᠤᠷᠤᠯᠴᠠᠬᠤᠬᠦ᠋ᠮᠦᠰ ᠵᠡᠷᠬᠡ ᠶᠢ ᠪᠠᠭᠳᠠᠭᠠᠵᠦ ᠪᠤᠢ᠃ ᠬᠤᠶᠠᠳᠤᠭᠠᠷ ᠠᠯᠬᠤᠮ ᠳᠤ᠂ ᠸᠠᠺᠼᠢᠨ ᠤ ᠳᠠᠭᠠᠯᠳᠤᠭᠤᠯᠤᠯ | ᠨᠦᠬᠦᠴᠡᠯ ᠨᠢ ᠵᠠᠬ᠎ᠠ ᠳᠡᠯᠬᠡᠬᠦᠷ ᠲᠤ ᠭᠠᠷᠬᠤ ᠵᠦᠪᠰᠢᠶᠡᠷᠡᠯ ᠢ ᠤᠯᠬᠤ ᠪᠤᠶᠤ ᠵᠢᠩᠬᠢᠨᠢ ᠪᠠᠷ ᠵᠠᠬ᠎ᠠ | ᠳᠡᠯᠬᠡᠬᠦᠷ ᠲᠤ ᠭᠠᠷᠬᠤ ᠵᠦᠪᠰᠢᠶᠡᠷᠡᠯ ᠢ ᠤᠯᠵᠦ᠂ ᠸᠠᠺᠼᠢᠨ ᠤᠦᠢᠯᠡᠳᠪᠤᠷᠢᠯᠡᠯ ᠤᠨ ᠬᠡᠮᠵᠢᠶ᠎ᠠ ᠠᠯᠬᠤᠮ | ᠠᠯᠬᠤᠮ ᠢᠶᠠᠷ ᠨᠡᠮᠡᠭᠳᠡᠬᠦ ᠶᠢᠨ ᠤᠯᠠᠮ ᠢᠶᠠᠷ᠂ ᠡᠮᠬᠢ ᠳᠢᠭᠯᠢᠮ ᠲᠠᠢ ᠪᠠᠷ ᠳᠠᠷᠢᠯᠭ᠎ᠠ ᠬᠢᠬᠦ ᠠᠵᠢᠯ ᠢ ᠦᠷᠨᠢᠬᠦᠯᠵᠦ᠂ | ᠠᠯᠬᠤᠮ ᠠᠯᠬᠤᠮ ᠢᠶᠠᠷ ᠴᠠᠷᠤᠯᠳᠠ ᠶᠢᠨ ᠬᠠᠯᠬᠠᠪᠴᠢ ᠶᠢ ᠴᠤᠬᠴᠠᠯᠠᠨ ᠪᠠᠶᠢᠭᠤᠯᠵᠦ ᠪᠠᠶᠢᠭᠠᠳ᠂ ᠰᠢᠨᠡᠲ᠋ᠢᠳᠢᠮᠯᠢᠭ | ᠠᠭᠤᠰᠬᠢᠨ ᠦᠷᠪᠢᠰᠦᠯ ᠤᠨ ᠤᠯᠤᠰ ᠤᠨ ᠳᠤᠳᠤᠭᠠᠳᠤ ᠳᠠᠬᠢ ᠬᠠᠯᠳᠠᠪᠤᠷᠢᠯᠠᠯ ᠢ ᠳᠠᠰᠤᠯᠤᠨ᠎ᠠ ᠬᠡᠵᠦ ᠬᠡᠯᠡᠪᠡ᠃ | | ᠸᠠᠺᠼᠢᠨ ᠢ ᠶᠠᠭᠠᠬᠢᠵᠦ ᠳᠠᠷᠢᠬᠤ ᠪᠤᠢ᠂ ᠬᠠᠮᠢᠭ᠎ᠠ ᠤᠴᠢᠵᠦ ᠳᠠᠷᠢᠭᠤᠯᠬᠤ ᠪᠤᠢ︖ | ᠼᠦᠢ ᠭᠠᠩ᠂ ᠡᠩ ᠤᠨ ᠪᠠᠶᠢᠳᠠᠯ ᠳᠤᠤᠷ᠎ᠠ᠂ ᠳᠠᠷᠢᠯᠭ᠎ᠠ ᠲᠠᠷᠢᠬᠤ ᠨᠢᠬᠡᠴᠢ ᠶᠢ ᠪᠦᠷ ᠬᠠᠷᠢᠶ᠎ᠠ ᠳᠤᠭᠤᠷᠢᠬ ᠤᠨ | ᠡᠷᠡᠬᠦᠯᠬᠠᠮᠠᠭᠠᠯᠠᠯ ᠤᠨ ᠦᠢᠯᠡᠴᠢᠯᠡᠬᠡᠨ ᠤ ᠳᠦᠪ᠂ ᠰᠢᠶᠠᠩ ᠪᠠᠯᠭᠠᠰᠤᠨ ᠤ ᠡᠷᠡᠬᠦᠯ ᠬᠠᠮᠠᠭᠠᠯᠠᠯ ᠤᠨ ᠬᠤᠷᠢᠶ᠎ᠠ ᠪᠤᠶᠤ | ᠶᠡᠷᠦᠩᠬᠡᠶᠢᠯᠡᠭᠰᠡᠨᠡᠮᠨᠡᠯᠬᠡ ᠶᠢᠨ ᠬᠤᠷᠢᠶᠠᠨ ᠳᠤ ᠪᠠᠶᠢᠷᠢᠯᠠᠭᠤᠯᠤᠨ᠎ᠠ᠂ ᠡᠯ᠎ᠠ ᠭᠠᠵᠠᠷ ᠤᠷᠤᠨ ᠳᠤ ᠬᠠᠷᠢᠶ᠎ᠠ | ᠳᠤᠭᠤᠷᠢᠬ ᠤᠨ ᠢᠶᠠᠨ ᠳᠤᠳᠤᠷᠠᠬᠢ ᠭᠠᠵᠠᠷ᠂ᠦᠢᠯᠡᠴᠢᠯᠡᠬᠦ ᠴᠠᠬ ᠢ ᠪᠠᠭᠳᠠᠭᠠᠬᠰᠠᠨ ᠳᠠᠷᠢᠯᠭ᠎ᠠ ᠲᠠᠷᠢᠬᠤ ᠴᠡᠭ᠂ ᠳᠠᠷᠢᠯᠭ᠎ᠠ | ᠲᠠᠷᠢᠬᠤ ᠨᠢᠬᠡᠴᠢ ᠬᠢᠬᠡᠳ ᠴᠠᠬ ᠢ ᠨᠠᠶᠢᠳᠠᠯᠡᠬᠦᠬᠡᠷᠡᠭᠳᠠᠢ ᠭᠡᠵᠦ ᠱᠠᠭᠠᠷᠳᠠᠬᠰᠠᠨ ᠪᠠᠶᠢᠨ᠎ᠠ ᠭᠡᠪᠡ᠃ | | ᠳᠠᠨᠢᠯᠴᠠᠭᠤᠯᠤᠬᠰᠠᠨ ᠢᠶᠠᠷ᠂ ᠳᠠᠷᠢᠯᠭ᠎ᠠ ᠲᠠᠷᠢᠬᠤ ᠠᠵᠢᠯ ᠬᠡᠷᠪᠡ ᠳᠦᠪᠯᠡᠷᠡᠭᠰᠡᠨ ᠨᠢᠬᠡᠴᠢ ᠲᠠᠢ | ᠬᠤᠯᠪᠤᠬᠳᠠᠬᠤ ᠳ᠋ᠤ᠋ᠬᠦ᠋ᠷᠪᠡᠯ᠂ ᠪᠠᠰᠠ ᠨᠢᠬᠡ ᠪᠦᠯᠦᠭ ᠳᠦᠷ ᠴᠠᠬ ᠤᠨ ᠳᠠᠷᠢᠯᠭ᠎ᠠ ᠲᠠᠷᠢᠬᠤ ᠴᠡᠭ ᠭᠠᠷᠭᠠᠵᠦ᠂ | ᠲᠤᠬᠠᠢ ᠶᠢᠨ ᠨᠢᠭᠡᠴᠢ ᠳᠤᠨᠢ ᠬᠦᠷᠴᠦᠦᠢᠯᠡᠴᠢᠯᠡᠬᠦ ᠶᠢ ᠪᠤᠳᠤᠯᠬᠢᠯᠠᠵᠦ ᠪᠤᠯᠤᠨ᠎ᠠ᠃ ᠡᠬᠦᠨ ᠤ ᠬᠠᠮᠳᠤ᠂ ᠬᠠᠮᠢᠶ᠎ᠠ | ᠪᠦᠬᠦᠢ ᠨᠢᠬᠡᠴᠢ ᠪᠤᠶᠤ ᠬᠤᠪᠢ ᠬᠦᠮᠦᠨ ᠳᠤ ᠮᠡᠳᠡᠭᠳᠡᠯᠦᠭᠴᠤ᠂ ᠬᠠᠮᠢᠭ᠎ᠠ ᠬᠦᠷᠴᠦ ᠳᠠᠷᠢᠯᠭ᠎ᠠ ᠲᠠᠷᠢᠬᠤ᠂ ᠬᠡᠵᠢᠶ᠎ᠡ | ᠳᠠᠷᠢᠯᠭ᠎ᠠ ᠲᠠᠷᠢᠬᠤ ᠶᠢ ᠤᠷᠢᠳᠴᠢᠯᠡᠨ ᠪᠤᠯᠵᠤᠵᠦ ᠳᠤᠬᠳᠠᠭᠠᠨ᠎ᠠ᠃ | ᠼᠦᠢ ᠭᠠᠩ᠂ ᠤᠯᠠᠨ ᠢᠶᠠᠷ ᠢᠶᠠᠨ ᠬᠠᠷᠢᠶ᠎ᠠ ᠳᠤᠭᠤᠷᠢᠬ ᠤᠨ ᠢᠶᠠᠨ ᠤᠷᠤᠨ ᠨᠤᠳᠤᠬ ᠤᠨ ᠡᠷᠡᠬᠦᠯ | ᠬᠠᠮᠠᠭᠠᠯᠠᠯ ᠤᠨ ᠵᠠᠰᠠᠬᠵᠠᠬᠢᠷᠭᠠᠨ ᠤ ᠰᠠᠯᠠᠭ᠎ᠠ ᠮᠦᠴᠢᠷ ᠪᠤᠶᠤ ᠡᠪᠡᠳᠴᠢᠨ ᠡᠮᠬᠡᠭ ᠢ ᠰᠡᠷᠬᠡᠶᠢᠯᠡᠨ ᠡᠵᠡᠮᠳᠡᠬᠦ | ᠪᠠᠶᠢᠭᠤᠯᠤᠮᠵᠢ ᠠᠴᠠ ᠯᠠᠪᠯᠠᠭ᠎ᠠ ᠠᠪᠴᠤ ᠪᠤᠯᠤᠨ᠎ᠠ᠂ ᠪᠠᠰᠠ ᠬᠠᠮᠢᠶ᠎ᠠ ᠪᠦᠬᠦᠢ ᠮᠡᠳᠡᠭᠡ ᠵᠠᠩᠬᠢ ᠶᠢ ᠨᠡᠶᠢᠳᠡᠯᠡᠬᠦ | ᠳᠠᠪᠴᠠᠩ ᠳᠤ ᠠᠩᠬᠠᠷᠤᠯ ᠢᠶᠠᠨ ᠬᠠᠨᠳᠤᠭᠤᠯᠵᠦ ᠪᠤᠯᠤᠨ᠎ᠠ ᠬᠡᠵᠦ ᠢᠯᠡᠳᠬᠡᠪᠡ᠃ | ᠼᠦᠢ ᠭᠠᠩ᠂ ᠳᠠᠷᠢᠯᠭ᠎ᠠ ᠲᠠᠷᠢᠬᠤ ᠳᠤ ᠳᠤᠬᠠᠢ ᠶᠢᠨ ᠭᠠᠵᠠᠷ ᠤᠨ ᠮᠡᠳᠡᠭᠳᠡᠯ ᠤᠨ ᠳᠤᠬᠢᠷᠠᠭᠤᠯᠤᠯᠳᠠ ᠶᠢ | ᠵᠢᠷᠤᠮᠯᠠᠬᠤ ᠬᠡᠷᠡᠭᠳᠡᠢ᠂ ᠵᠢᠱᠢᠶᠡᠯᠡᠪᠡᠯ ᠪᠠᠶ᠎ᠠ ᠶᠢᠨ ᠦᠨᠡᠮᠯᠡᠯ ᠢᠶᠠᠨ ᠠᠪᠴᠤ ᠤᠴᠢᠭᠠᠳ᠂ ᠸᠠᠺᠼᠢᠨ ᠤ ᠳᠠᠩᠰᠠᠯᠠᠯᠳᠠ | ᠳᠡᠮᠳᠡᠭᠯᠡᠯ ᠢ ᠰᠠᠶᠢᠳᠤᠷᠬᠢᠬᠦ ᠬᠡᠷᠡᠭᠳᠡ᠊ ᠢ᠃ ᠲᠠᠬᠢᠪᠠᠯ᠂ ᠡᠷᠬᠡᠪᠰᠢ ᠡᠩ ᠤᠨ ᠦᠶ᠎ᠡ ᠳᠤ ᠡᠮ ᠡᠮᠨᠡᠯᠬᠡ ᠶᠢᠨ | ᠪᠠᠶᠢᠭᠤᠯᠤᠮᠵᠢ ᠳᠤ ᠤᠴᠢᠬᠤ ᠱᠠᠭᠠᠷᠳᠠᠯᠭ᠎ᠠ ᠶᠤᠰᠤᠭᠠᠷ ᠬᠤᠪᠢ ᠪᠠᠶ᠎ᠠ ᠶᠢᠨ ᠰᠡᠷᠬᠡᠶᠢᠯᠡᠯᠳᠡ ᠬᠠᠮᠠᠭᠠᠯᠠᠯᠳᠠ ᠵᠡᠷᠬᠡ | ᠲᠠᠯ᠎ᠠ ᠶᠢᠨ ᠠᠵᠢᠯ ᠢ ᠰᠠᠶᠢᠳᠤᠷ ᠬᠢᠬᠦ ᠬᠡᠷᠡᠭᠳᠡᠢ ᠬᠡᠵᠦ ᠰᠠᠨᠠᠭᠤᠯᠪᠠ᠃ | ᠸᠠᠺᠼᠢᠨ ᠠᠮᠤᠷ ᠳᠦᠪᠰᠢᠨ ᠪᠠᠶᠢᠬᠤ ᠪᠤᠯ ᠤᠤ︖ | ᠳᠦᠷᠦ ᠶᠢᠨ ᠶᠠᠪᠤᠳᠠᠯ ᠤᠨ ᠬᠤᠷᠢᠶᠠᠨ ᠤ ᠬᠤᠯᠪᠤᠭᠠᠯᠠᠨ ᠰᠡᠷᠬᠡᠶᠢᠯᠡᠵᠦ ᠬᠤᠯᠪᠤᠭᠠᠯᠠᠨ ᠡᠵᠡᠮᠳᠡᠬᠦ | ᠳᠤᠬᠳᠠᠴᠠ ᠵᠢᠨᠰᠢᠨᠵᠢᠯᠡᠬᠦ ᠤᠬᠠᠭᠠᠨ ᠤ ᠰᠤᠳᠤᠯᠭᠠᠨ ᠤ ᠪᠤᠭᠤᠮᠳᠠ ᠰᠢᠪᠳᠤᠯᠬᠤ ᠳᠤᠭᠤᠢᠢᠯᠠᠩ ᠤᠨ ᠸᠠᠺᠼᠢᠨ | ᠰᠤᠳᠤᠯᠤᠨ ᠦᠢᠯᠡᠳᠬᠦ ᠳᠤᠰᠬᠠᠢᠠᠩᠬᠢ ᠶᠢᠨ ᠠᠵᠢᠯᠯᠠᠬᠤ ᠳᠤᠭᠤᠢᠢᠯᠠᠩ ᠤᠨ ᠳᠠᠷᠤᠭ᠎ᠠ᠂ ᠤᠯᠤᠰ ᠤᠨ ᠡᠷᠡᠬᠦᠯ | ᠬᠠᠮᠠᠭᠠᠯᠠᠯ ᠡᠷᠡᠬᠦᠯ ᠮᠡᠨᠳᠦ ᠶᠢᠨ ᠵᠦᠪᠯᠡᠯ ᠤᠨ ᠡᠮᠡᠮᠨᠡᠯᠬᠡ ᠡᠷᠡᠬᠦᠯ ᠬᠠᠮᠠᠭᠠᠯᠠᠯ ᠤᠨ ᠰᠢᠨᠵᠢᠯᠡᠬᠦ ᠤᠬᠠᠭᠠᠨ ᠳᠧᠭ᠌ᠨᠢᠭ | ᠮᠡᠷᠬᠡᠵᠢᠯ ᠤᠨ ᠬᠦᠭᠵᠢᠯᠳᠡ ᠶᠢᠨ ᠰᠤᠳᠤᠯᠭᠠᠨ ᠤ ᠳᠦᠪ ᠤᠨᠡᠷᠬᠢᠯᠡᠭᠴᠢ ᠵᠧᠩ ᠵᠦᠩ ᠸᠧᠢ᠂ 7 ᠰᠠᠷ᠎ᠠ ᠠᠴᠠ | ᠨᠠᠭᠠᠰᠢ᠂ ᠰᠠᠶᠢᠨ ᠳᠤᠷ᠎ᠠ ᠶᠢᠨ ᠪᠠᠶᠢᠬᠤ᠂ ᠪᠠᠶᠢᠳᠠᠯ ᠢ ᠰᠠᠶᠢᠳᠤᠷ ᠤᠢᠢᠯᠠᠭᠠᠬᠤ᠂ᠵᠦᠪᠰᠢᠶᠡᠷᠡᠭᠰᠡᠨ ᠤᠷᠢᠳᠠᠯ ᠳᠤᠤᠷ᠎ᠠ᠂ | ᠮᠠᠨ ᠤ ᠤᠯᠤᠰ ᠬᠠᠯᠳᠠᠪᠤᠷᠢᠯᠠᠬᠳᠠᠬᠤ ᠠᠶᠤᠯ ᠶᠡᠬᠡᠳᠠᠢ ᠬᠦᠮᠦᠰ ᠲᠤ ᠪᠠᠴᠢᠮ ᠳᠠᠷᠢᠯᠭᠠᠲ᠋ᠠᠷᠢᠬᠤ ᠠᠵᠢᠯ ᠢ ᠬᠢᠭᠰᠡᠨ | ᠪᠠᠶᠢᠨ᠎ᠠ᠂ ᠤᠳᠤᠬᠠᠨ ᠳᠤ ᠨᠡᠶᠢᠳᠡ 100 ᠭᠠᠷᠤᠢ ᠳᠦᠮᠡᠨ ᠢᠵᠢ ᠤᠳᠠᠭ᠎ᠠ ᠶᠢᠨ ᠰᠢᠨ᠎ᠠ ᠳᠢᠳᠢᠮᠯᠢᠭᠠᠭᠤᠰᠬᠢᠨ | ᠦᠷᠪᠢᠰᠦᠯ ᠤᠨ ᠸᠠᠺᠼᠢᠨ ᠢ ᠪᠠᠴᠢᠮ ᠳᠠᠷᠢᠬᠤ ᠠᠵᠢᠯ ᠢ ᠪᠡᠶᠡᠯᠡᠬᠦᠯᠦᠬᠡᠳ ᠪᠠᠶᠢᠨ᠎ᠠ᠃ ᠡᠷᠡᠭᠦᠯ ᠪᠤᠰᠤ | ᠢᠯᠡᠷᠡᠯ ᠤᠨᠲ᠋ᠤᠬᠠᠢ ᠳᠦᠪ ᠴᠢᠩᠭ᠎ᠠ ᠬᠢᠨᠠᠯᠳᠠ ᠬᠡᠮᠵᠢᠯᠳᠡ ᠪᠠ ᠮᠦᠷᠳᠡᠨ ᠠᠵᠢᠬᠯᠠᠯᠳᠠ ᠬᠢᠭᠡᠳ ᠬᠦᠨᠳᠦ ᠨᠤᠴᠢᠳᠠᠢ | ᠡᠷᠡᠭᠦᠯ ᠪᠤᠰᠤ ᠢᠯᠡᠷᠡᠯᠭᠠᠷᠤᠭᠰᠠᠨ ᠶᠠᠪᠤᠳᠠᠯ ᠦᠬᠡᠢ ᠪᠠᠶᠢᠨ᠎ᠠ ᠬᠡᠵᠦ ᠬᠡᠯᠡᠪᠡ᠃ | ᠠᠳᠠᠯᠢ ᠬᠤᠭᠤᠴᠠᠭᠠᠨ ᠳᠤ᠂ ᠪᠠᠴᠢᠮ ᠬᠡᠷᠡᠭᠯᠡᠯᠳᠡ ᠳᠤ ᠬᠡᠷᠡᠭᠯᠡᠬᠦ ᠢᠳᠡᠪᠬᠢ ᠦᠬᠡᠶᠢᠳᠡᠬᠦᠯᠬᠦ ᠸᠠᠺᠼᠢᠨ ᠢ | ᠬᠢᠯᠢ ᠵᠢᠨᠭᠠᠳᠠᠨᠠ Ⅲ ᠬᠤᠭᠤᠴᠠᠭᠠᠨ ᠤ ᠡᠮᠴᠢᠯᠡᠭᠡᠨ ᠤ ᠳᠤᠷᠰᠢᠯᠳᠠ ᠬᠢᠵᠡᠢ᠂ ᠤᠳᠤᠬᠠᠨ ᠪᠤᠯᠳᠠᠯ᠎ᠠ ᠨᠡᠶᠢᠳᠡ 7.5 | ᠳᠦᠮᠡᠨ ᠬᠦᠮᠦᠨ᠂15 ᠳᠦᠮᠡᠨ ᠢᠵᠢ ᠤᠳᠠᠭ᠎ᠠ ᠶᠢᠨ ᠬᠦᠮᠦᠨ ᠳᠤ ᠳᠠᠷᠢᠯᠭ᠎ᠠ ᠬᠢᠬᠡᠳ ᠪᠤᠢ᠃ ᠰᠤᠳᠤᠯᠭᠠᠨ ᠳᠤ | ᠬᠠᠷᠠᠭᠤᠯᠤᠬᠰᠠᠨ ᠢᠶᠠᠷ᠂ ᠬᠦᠨᠳᠦᠨᠤᠴᠢᠳᠠᠢ ᠠᠮᠤᠷ ᠳᠦᠪᠰᠢᠨ ᠤ ᠬᠡᠮ ᠰᠤᠭᠤᠬ ᠭᠠᠷᠤᠬᠰᠠᠨ ᠦᠭᠡᠢ᠃ | | ᠸᠠᠺᠼᠢᠨ ᠳᠠᠷᠢᠭᠤᠯᠤᠬᠰᠠᠨ ᠤ ᠳᠠᠷᠠᠭ᠎ᠠ ᠡᠷᠡᠭᠦᠯ ᠪᠤᠰᠤ ᠢᠯᠡᠷᠡᠯ ᠭᠠᠷᠪᠠᠯ ᠶᠠᠭᠠᠬᠢᠵᠦ ᠠᠷᠭᠠᠴᠠᠭᠠᠬᠤ ᠪᠤᠢ︖ | | ᠤᠯᠤᠰ ᠤᠨ ᠡᠷᠡᠬᠦᠯ ᠬᠠᠮᠠᠭᠠᠯᠠᠯ ᠡᠷᠡᠬᠦᠯ ᠮᠡᠨᠳᠦ ᠶᠢᠨ ᠵᠦᠪᠯᠡᠯ ᠤᠨ ᠡᠮᠨᠡᠯᠬᠡ ᠶᠢᠨ ᠶᠠᠪᠤᠳᠠᠯ | ᠡᠮᠨᠡᠯᠬᠡ ᠵᠢᠨᠬᠠᠮᠢᠶᠠᠷᠤᠯᠳᠠ ᠶᠢᠨ ᠳᠤᠪᠴᠢᠶᠠᠨ ᠤ ᠬᠢᠨᠠᠨ ᠪᠠᠶᠢᠴᠠᠭᠠᠬᠤ ᠳᠤᠰᠬᠠᠢ ᠲᠤᠰᠢᠶᠠᠯᠳᠠᠨ ᠵᠢᠶᠤᠤ ᠶᠠ ᠬᠤᠢ᠂ | ᠤᠳᠤᠬᠠᠨ ᠳᠤ ᠮᠠᠨ ᠤ ᠤᠯᠤᠰ ᠤᠨ ᠠᠵᠢᠬᠯᠠᠵᠦ ᠮᠡᠳᠡᠭᠰᠡᠨ ᠪᠠᠶᠢᠩᠭᠤ ᠳᠤᠬᠢᠶᠠᠯᠳᠤᠬᠤ ᠸᠠᠺᠼᠢᠨ ᠤ ᠡᠷᠡᠭᠦᠯ ᠪᠤᠰᠤ | ᠢᠯᠡᠷᠡᠯ ᠳᠤ ᠭᠤᠤᠯᠳᠠᠭᠤ ᠳᠤᠯᠤᠭᠠᠢᠡᠪᠡᠳᠬᠦ᠂ ᠬᠠᠯᠠᠭᠤᠷᠠᠬᠤ᠂ ᠲᠠᠷᠢᠯᠭ᠎ᠠ ᠳᠠᠷᠢᠬᠰᠠᠨ ᠬᠡᠰᠡᠭ ᠨᠢ ᠤᠯᠠᠶᠢᠬᠤ ᠪᠤᠶᠤ | ᠬᠠᠳᠠᠭᠤᠷᠠᠬᠤ ᠵᠡᠷᠬᠡ ᠪᠠᠶᠢᠳᠠᠯ ᠪᠤᠢ᠂ ᠲᠠᠬᠢᠪᠠᠯᠵᠠᠷᠢᠮ ᠬᠦᠮᠦᠨ ᠳᠤ ᠪᠠᠰᠠ ᠬᠠᠨᠢᠶᠠᠬᠤ᠂ ᠬᠤᠭᠤᠯᠠᠨ ᠤ ᠳᠤᠷᠠᠰᠢᠯ | ᠮᠠᠭᠤᠳᠠᠬᠤ᠂ ᠪᠦᠬᠡᠯᠵᠢᠬᠦ᠂ ᠰᠠᠭᠤᠯᠭᠠᠬᠤ ᠵᠡᠷᠬᠡ ᠪᠠᠶᠢᠳᠠᠯ ᠲᠠᠢᠪᠠᠶᠢᠨᠠ ᠬᠡᠵᠦ ᠬᠡᠯᠡᠪᠡ᠃ | ᠲᠠᠨᠢᠯᠴᠠᠭᠤᠯᠤᠬᠰᠡᠨ ᠢᠶᠠᠷ᠂ ᠰᠢᠨ᠎ᠡ ᠳᠢᠳᠢᠮᠯᠢᠭ ᠸᠢᠷᠦ᠋ᠰ ᠤᠨ ᠸᠠᠺᠼᠢᠨ ᠢ ᠲᠠᠷᠢᠬᠤ ᠠᠮᠤᠷ | ᠲᠦᠪᠰᠢᠨ ᠤᠪᠠᠳᠤᠯᠠᠭᠠ ᠶᠢᠨ ᠠᠵᠢᠯ ᠢ ᠰᠠᠶᠢᠳᠤᠷ ᠬᠢᠬᠦ ᠶᠢᠨ ᠲᠦᠯᠦᠭᠡ᠂ ᠲᠤᠤᠷᠠᠬᠢ ᠭᠡᠳᠤᠨ ᠵᠦᠢᠯ ᠤᠨ ᠠᠷᠭ᠎ᠠ | ᠬᠡᠮᠵᠢᠶ᠎ᠡ ᠶᠢ ᠠᠪᠴᠦᠪᠠᠶᠢᠨᠠ᠄ ᠨᠢᠭᠡ ᠳᠤ᠂ ᠸᠠᠺᠼᠢᠨ ᠲᠠᠷᠢᠬᠤ ᠴᠡᠭ ᠨᠢ ᠸᠠᠺᠼᠢᠨ ᠲᠠᠷᠢᠬᠤ ᠨᠦᠬᠦᠴᠡᠯ ᠳᠤ | ᠨᠡᠶᠢᠴᠡᠬᠦ ᠪᠦᠭᠡᠳ ᠪᠠᠰᠠ ᠡᠮᠴᠢᠯᠡᠭᠡᠨ ᠤᠠᠪᠤᠷᠠᠨ ᠵᠠᠰᠠᠬᠤ ᠨᠦᠬᠦᠴᠡᠯ ᠢ ᠪᠦᠷᠢᠯᠳᠦᠬᠦᠯᠬᠦ ᠬᠡᠷᠡᠭᠳᠠᠢ ᠭᠡᠵᠦ ᠱᠠᠭᠠᠷᠳᠠᠪᠠ | ︔ ᠬᠤᠶᠠᠷ ᠲᠤ᠂ ᠡᠯ᠎ᠡ ᠭᠠᠵᠠᠷ ᠤᠨ ᠬᠢᠨ ᠢ ᠸᠠᠺᠼᠢᠨᠲ᠋ᠠᠷᠢᠬᠤ ᠨᠢᠭᠡᠴᠢ ᠶᠢ ᠭᠡᠳᠤᠨ ᠤᠷᠤᠨ ᠪᠦᠰᠡ ᠪᠤᠯᠭᠠᠨ | ᠬᠤᠪᠢᠶᠠᠵᠤ᠂ ᠬᠤᠶᠠᠳᠤᠭᠠᠷ ᠲᠡᠰ ᠠᠴᠠ ᠲᠡᠭᠡᠭᠰᠢᠬᠢ ᠶᠡᠷᠤᠩᠭᠡᠶᠢᠯᠡᠭᠰᠡᠨᠡᠮᠨᠡᠯᠭᠡ ᠶᠢᠨ ᠬᠤᠷᠢᠶᠠᠨ ᠤ | ᠬᠠᠷᠢᠭᠤᠴᠠᠯᠭᠠᠳᠠᠨ ᠭᠡᠳᠤᠨ ᠲᠠᠷᠢᠬᠤ ᠨᠢᠭᠡᠴᠢ ᠶᠢᠨ ᠡᠮᠴᠢᠯᠡᠭᠡᠨ ᠤ ᠪᠠᠳᠤᠯᠠᠭ᠎ᠠ ᠶᠢᠨ ᠠᠵᠢᠯ ᠢᠬᠠᠷᠢᠭᠤᠴᠠᠬᠤ | ᠬᠡᠷᠡᠭᠳᠠᠢ ᠭᠡᠵᠦ ᠱᠠᠭᠠᠷᠳᠠᠪᠠ᠃ ᠲᠠᠷᠢᠯᠭ᠎ᠠ ᠲᠠᠷᠢᠭᠤᠯᠬᠤ ᠬᠦᠮᠦᠰ ᠡᠮᠴᠢᠯᠡᠭᠡᠨ ᠤ ᠠᠵᠢᠯᠳᠠᠨ ᠳᠤ ᠪᠡᠶ᠎ᠡ ᠶᠢᠨ | ᠡᠷᠡᠬᠦᠯᠮᠠᠨᠳᠤ ᠶᠢᠨ ᠪᠠᠶᠢᠳᠠᠯ ᠢᠶᠠᠨ ᠦᠨᠡᠨ ᠪᠤᠳᠠᠳᠠᠢ ᠪᠠᠷ ᠲᠤᠰᠬᠠᠵᠤ᠂ ᠲᠠᠷᠢᠯᠭ᠎ᠠ ᠲᠠᠷᠢᠬᠰᠡᠨ ᠤ ᠲᠠᠷᠠᠭ᠎ᠠ ᠲᠠᠷᠢᠬᠤ | ᠴᠡᠭ ᠲᠤ 30ᠮᠢᠨᠦ᠋ᠲ ᠬᠦᠯᠢᠶᠠᠨ ᠠᠵᠢᠬᠯᠠᠬᠤ ᠬᠡᠷᠡᠭᠳᠠᠢ ᠭᠡᠵᠦ ᠰᠠᠨᠠᠭᠤᠯᠪᠠ᠃ | ᠸᠠᠺᠼᠢᠨ ᠲᠠᠷᠢᠪᠠᠯ ᠭᠡᠳᠤᠢ ᠬᠤᠭᠤᠴᠠᠭ᠎ᠠ ᠦᠢᠯᠡᠳᠦᠯ ᠦᠵᠡᠭᠦᠯᠵᠦ ᠴᠢᠳᠠᠬᠤ ᠪᠤᠢ︖ | ᠽᠧᠩ ᠢ ᠰᠢᠨ᠂ ᠰᠢᠨ᠎ᠡ ᠳᠢᠳᠢᠮᠯᠢᠭ ᠸᠢᠷᠦ᠋ᠰ ᠢᠯᠡᠷᠡᠭᠡᠳ ᠨᠢᠭᠡ ᠵᠢᠯ ᠴᠦ ᠪᠤᠯᠤᠭ᠎ᠠ ᠦᠭᠡᠢ ᠪᠠᠶᠢᠨ᠎ᠠ᠂ | ᠡᠶᠢᠮᠦ ᠡᠴᠠᠸᠠᠺᠼᠢᠨ ᠭᠡᠳᠤᠢ ᠤᠷᠳᠤ ᠬᠤᠭᠤᠴᠠᠭ᠎ᠠ ᠪᠠᠷ ᠦᠢᠯᠡᠳᠤᠯ ᠦᠵᠡᠬᠦᠯᠵᠤ ᠲᠠᠶᠢᠯᠬᠦ ᠶᠢ ᠮᠡᠳᠡᠬᠦ ᠦᠭᠡᠢ | ᠪᠠᠶᠢᠬᠰᠠᠭᠠᠷ᠂ ᠬᠡᠪᠡᠴᠤᠤᠳᠤᠬᠠᠨ ᠤ ᠲᠤᠭ᠎ᠠ ᠪᠠᠷᠢᠮᠳᠠ ᠳᠤ ᠬᠠᠷᠠᠭᠤᠯᠤᠬᠰᠡᠨ ᠢᠶᠠᠷ᠂ ᠸᠠᠺᠼᠢᠨ ᠤ ᠬᠠᠮᠠᠭᠠᠯᠠᠯᠳᠠ ᠶᠢᠨ | ᠬᠤᠭᠤᠴᠠᠭ᠎ᠠ ᠨᠢ ᠬᠠᠭᠠᠰ ᠵᠢᠯ ᠡᠴᠠᠲ᠋ᠡᠭᠡᠭᠰᠢ ᠪᠠᠶᠢᠬᠤ ᠨᠢ ᠰᠡᠵᠢᠭᠯᠡᠰᠢ ᠦᠭᠡᠢ ᠶᠤᠮ ᠭᠡᠵᠤ ᠬᠡᠯᠡᠪᠡ᠃ | | ᠽᠧᠩ ᠢ ᠰᠢᠨ᠂ ᠡᠨᠡ ᠵᠢᠯ ᠤᠨ ᠲᠡᠭᠡᠷ᠎ᠡ ᠬᠠᠭᠠᠰ ᠵᠢᠯ ᠳᠤ᠂ ᠮᠠᠨ ᠤ ᠤᠯᠤᠰ ᠤᠨ ᠵᠠᠷᠢᠮ ᠸᠠᠺᠼᠢᠨ | Ⅰᠬᠤᠭᠤᠴᠠᠭ᠎ᠠ᠂ Ⅱ ᠬᠤᠭᠤᠴᠠᠭᠠᠨ ᠤ ᠡᠮᠴᠢᠯᠡᠭᠡᠨ ᠤ ᠲᠤᠷᠰᠢᠯᠳᠠ ᠶᠢ ᠡᠬᠢᠯᠡᠬᠦᠯᠵᠤ᠂ ᠮᠠᠰᠢ ᠤᠯᠠᠨ ᠰᠠᠶᠢᠨ | ᠲᠤᠷᠠᠴᠤᠳᠤᠷᠤᠯᠴᠠᠪᠠ᠂ ᠲᠤᠭ᠎ᠠ ᠪᠠᠷᠢᠮᠳᠠ ᠳᠤ ᠬᠠᠷᠠᠭᠤᠯᠤᠬᠰᠡᠨ ᠢᠶᠠᠷ᠂ ᠡᠳᠡᠭᠡᠷ ᠰᠠᠶᠢᠨ ᠲᠤᠷᠠᠴᠤᠳ ᠤᠨ | ᠡᠰᠡᠷᠬᠦᠴᠡᠭᠴᠢ ᠪᠡᠶ᠎ᠡ ᠨᠢ ᠮᠦᠨᠬᠦ ᠤᠷᠤᠰᠢᠬᠰᠠᠭᠠᠷ ᠪᠠᠶᠢᠨ᠎ᠠ ᠭᠡᠵᠤ ᠲᠠᠨᠢᠯᠴᠠᠭᠤᠯᠪᠠ᠃ | ᠡᠬᠦᠨ ᠠᠴᠠ ᠭᠠᠳᠠᠨ᠎ᠠ ᠮᠠᠰᠢ ᠤᠯᠠᠨ ᠡᠮᠴᠢᠯᠡᠭᠡᠨ ᠤ ᠪᠠᠶᠢᠭᠤᠯᠤᠮᠵᠢ ᠴᠦ ᠡᠷᠡᠬᠦᠯᠵᠢᠭᠡᠳ ᠡᠮᠨᠡᠯᠭᠡ ᠠᠴᠠ | ᠭᠠᠷᠤᠭᠰᠠᠨᠰᠢᠨᠠ ᠳᠢᠳᠢᠮᠯᠢᠭ ᠠᠭᠤᠰᠬᠢᠨ ᠦᠷᠪᠢᠰᠤᠯ ᠤᠨ ᠡᠪᠡᠳᠴᠢᠳᠡᠨ ᠳᠤ ᠪᠠᠶᠢᠴᠠᠭᠠᠯᠳᠠ ᠬᠢᠪᠠ᠃ | ᠱᠧᠨᠵᠧᠨ ᠬᠤᠳᠠ ᠵᠢᠨᠬᠠᠯᠳᠠᠪᠤᠷᠢᠳᠦ ᠡᠪᠡᠳᠴᠢᠨ ᠤ ᠡᠮᠨᠡᠯᠭᠡ ᠶᠢᠨ ᠬᠤᠷᠢᠶ᠎ᠠ ᠡᠮᠨᠡᠯᠭᠡ ᠠᠴᠠ ᠭᠠᠷᠤᠭᠰᠠᠨ 400 | ᠭᠠᠷᠤᠢ ᠡᠪᠡᠳᠴᠢᠳᠡᠨ ᠳᠤ ᠰᠤᠭᠤᠴᠢᠨᠪᠠᠶᠢᠴᠠᠭᠠᠯᠳᠠ ᠬᠢᠭᠰᠡᠨ ᠤ ᠦᠷ᠎ᠠ ᠳ᠋ᠦᠩ ᠳᠤ᠂ ᠬᠠᠮᠤᠭ ᠡᠷᠳᠡ ᠡᠮᠨᠡᠯᠭᠡ ᠠᠴᠠ | ᠭᠠᠷᠤᠭᠰᠠᠨ ᠡᠪᠡᠳᠴᠢᠳᠡᠨ ᠤ ᠪᠡᠶ᠎ᠠ ᠳᠤ 10 ᠰᠠᠷ᠎ᠠ ᠶᠢᠨ ᠲᠠᠷᠠᠭ᠎ᠠ ᠮᠦᠨ ᠡᠰᠡᠷᠬᠦᠴᠡᠭᠴᠢ ᠪᠡᠶ᠎ᠠ ᠤᠷᠤᠰᠢᠵᠦ | ᠪᠠᠶᠢᠨ᠎ᠠ᠃ | ᠬᠠᠯᠳᠠᠪᠤᠷᠢᠳᠤ ᠲᠠᠬᠰᠢᠭᠤᠷ ᠤᠨ ᠸᠠᠺᠼᠢᠨ ᠰᠢᠭ ᠵᠢᠯ ᠪᠦᠷᠢ ᠨᠢᠭᠡ ᠤᠳᠠᠭ᠎ᠠ ᠲᠠᠷᠢᠬᠤ ᠴᠢᠬᠤᠯᠠᠳᠠᠢ ᠤᠤ︖ | ᠽᠧᠩ ᠢ ᠰᠢᠨ᠂ ᠬᠠᠯᠳᠠᠪᠤᠷᠢᠳᠤ ᠲᠠᠬᠰᠢᠭᠤᠷ ᠤᠨ ᠸᠢᠷᠦ᠋ᠰ ᠤᠨ ᠤᠨᠳᠤᠤᠰᠢᠵᠦ ᠬᠤᠪᠢᠷᠠᠬᠤ ᠨᠢ ᠲᠦᠷᠭᠡᠨ ᠠᠴᠠ | ᠪᠤᠯᠵᠤ ᠸᠠᠺᠼᠢᠨ ᠢ ᠴᠠᠭᠲ᠋ᠤᠬᠠᠢ ᠳᠤᠨᠢ ᠲᠤᠬᠢᠷᠠᠭᠤᠯᠬᠤ ᠭᠡᠷᠡᠭᠳᠠᠢ᠂ ᠬᠠᠷᠢᠨ ᠬᠠᠯᠳᠠᠪᠤᠷᠢᠳᠤ ᠲᠠᠬᠰᠢᠭᠤᠷ ᠤᠨ | ᠸᠠᠺᠼᠢᠨ ᠤ ᠬᠠᠮᠠᠭᠠᠯᠠᠯᠳᠠ ᠵᠢᠨᠬᠤᠭᠤᠴᠠᠭ᠎ᠠ ᠨᠢ ᠨᠢᠭᠡ ᠵᠢᠯ ᠭᠡᠰᠡᠨ ᠦᠭᠡ ᠪᠢᠰᠢ᠃ ᠤᠳᠤᠬᠠᠨ ᠤ ᠪᠠᠶᠢᠳᠠᠯ ᠢ | ᠦᠨᠳᠤᠰᠤᠯᠡᠨ ᠵᠢᠱᠢᠪᠡᠯ᠂ ᠬᠠᠭᠠᠰ ᠵᠢᠯ ᠪᠤᠶᠤ ᠨᠢᠭᠡ ᠵᠢᠯ ᠳᠤ ᠲᠠᠬᠢᠨᠳᠠ ᠸᠠᠺᠼᠢᠨ ᠲᠠᠷᠢᠬᠤ ᠪᠤᠯᠤᠯᠴᠠᠭ᠎ᠠ ᠦᠭᠡᠢ | ᠭᠡᠵᠤ ᠬᠡᠯᠡᠪᠡ᠃ | ᠸᠠᠺᠼᠢᠨ ᠤ ᠦᠨ᠎ᠡ ᠨᠢ ᠭᠡᠳᠦᠢ ᠪᠤᠢ︖ | ᠵᠧᠩ ᠵᠦᠩ ᠸᠧᠢ᠂ ᠸᠠᠺᠼᠢᠨ ᠤ ᠦᠨ᠎ᠡ ᠬᠠᠨᠭ᠍ᠰᠢ ᠨᠢ ᠡᠩ ᠲᠡᠷᠢᠬᠦᠨ ᠳᠤ ᠠᠵᠤ ᠠᠬᠤᠢᠢᠯᠠᠯ ᠢᠶᠠᠷ ᠭᠤᠤᠯ | ᠴᠤᠬᠴᠠ ᠪᠤᠯᠭᠠᠬᠰᠡᠨ ᠪᠤᠯᠪᠠᠴᠤ ᠭᠡᠳᠤᠨ ᠵᠠᠷᠴᠢᠮ ᠢ ᠪᠠᠰᠠ ᠡᠷᠬᠡᠪᠰᠢ ᠵᠢᠷᠤᠮᠯᠠᠬᠤ ᠭᠡᠷᠡᠭᠳᠠᠢ᠂ ᠨᠢᠭᠡᠳᠤᠭᠡᠷ ᠲᠤ᠂ | ᠤᠯᠠᠨ ᠨᠠᠶᠢᠳᠠ ᠵᠢᠨᠦᠢᠯᠡᠳᠭᠦᠨ ᠤ ᠰᠢᠨᠵᠢ ᠴᠢᠨᠠᠷ ᠤᠨ ᠵᠠᠷᠴᠢᠮ ᠪᠤᠯᠤᠨ᠎ᠡ᠃ ᠤᠯᠠᠨ ᠨᠠᠶᠢᠳᠠ ᠶᠢᠨ ᠦᠢᠯᠡᠳᠭᠦᠨ ᠤ | ᠰᠢᠨᠵᠢ ᠴᠢᠨᠠᠷ ᠲᠠᠢ ᠪᠤᠯᠬᠤᠷ ᠡᠴᠤᠰ ᠤᠨ ᠦᠨ᠎ᠡ ᠲᠤᠬᠳᠠᠭᠠᠬᠤ ᠦᠨᠳᠤᠰᠤᠯᠡᠯ ᠨᠢ ᠦᠪᠡᠷ ᠤᠨ ᠦᠷᠳᠡᠭ ᠪᠠᠶᠢᠬᠤ | ᠶᠤᠰᠤᠳᠠᠢ ᠭᠡᠵᠤ ᠢᠯᠡᠳᠭᠡᠪᠡ᠃ | ᠵᠧᠩ ᠵᠦᠩ ᠸᠧᠢ᠂ ᠦᠢᠯᠡᠳᠪᠤᠷᠢᠯᠡᠯ ᠤᠨ ᠬᠡᠪᠴᠢᠶ᠎ᠡ ᠪᠠ ᠭᠡᠷᠡᠭᠯᠡᠭᠦ ᠬᠡᠪᠴᠢᠶᠠᠨ ᠤ ᠦᠷᠭᠡᠵᠢᠬᠦ ᠶᠢ | ᠲᠠᠭᠠᠯᠳᠤᠨ᠂ ᠸᠠᠺᠼᠢᠨ ᠤ ᠦᠨ᠎ᠡ ᠬᠠᠨᠭ᠍ᠰᠢ ᠴᠦ ᠬᠤᠪᠢᠷᠠᠯᠳᠠ ᠲᠠᠢ ᠪᠤᠯᠤᠨ᠎ᠡ᠃ ᠸᠠᠺᠼᠢᠨ ᠤ ᠲᠠᠭᠠᠯᠳᠤᠭᠤᠯᠤᠯ | ᠨᠦᠬᠦᠴᠡᠯ ᠨᠢ ᠵᠠᠬᠠᠲ᠋ᠡᠯᠭᠡᠬᠦᠷ ᠲᠤ ᠭᠠᠷᠬᠤ ᠵᠦᠪᠰᠢᠶᠡᠷᠡᠯ ᠢ ᠤᠯᠪᠠᠯ᠂ ᠬᠠᠷᠠᠭᠠᠯᠵᠠᠬᠰᠠᠨ ᠦᠨ᠎ᠡ ᠬᠠᠨᠭ᠍ᠰᠢ ᠶᠢᠨ | ᠲᠤᠬᠳᠠᠴᠠ ᠶᠢ ᠪᠦᠷᠢᠯᠳᠦᠬᠦᠯᠬᠦᠪᠤᠯᠤᠨᠡ ᠭᠡᠵᠤ ᠬᠡᠯᠡᠪᠡ᠃ | ᠸᠠᠺᠼᠢᠨ ᠢ ᠲᠠᠷᠢᠬᠰᠡᠨ ᠤ ᠲᠠᠷᠠᠭ᠎ᠠ ᠪᠠᠰᠠ ᠬᠤᠪᠢ ᠬᠦᠮᠦᠨ ᠤ ᠰᠡᠷᠭᠡᠶᠢᠯᠡᠯᠳᠡ ᠬᠠᠮᠠᠭᠠᠯᠠᠯᠳᠠ ᠶᠢ ᠰᠠᠶᠢᠳᠤᠷ | ᠬᠢᠬᠦᠴᠢᠬᠤᠯᠠᠳᠠᠢ ᠤᠤ︖ | ᠽᠧᠩ ᠢ ᠰᠢᠨ᠂ ᠤᠳᠤᠬᠠᠨ ᠪᠤᠯᠳᠠᠯ᠎ᠡ᠂ ᠶᠠᠮᠠᠷᠪᠠ ᠸᠠᠺᠼᠢᠨ ᠤ ᠬᠠᠮᠠᠭᠠᠯᠠᠯᠳᠠ ᠶᠢᠨ ᠨᠤᠷᠮ᠎ᠡ ᠨᠢ ᠵᠠᠭᠤᠨ ᠤ | ᠵᠠᠭᠤ ᠳᠤ ᠬᠦᠷᠴᠤ ᠲᠠᠶᠢᠯᠬᠦ ᠦᠭᠡᠢ ᠪᠠᠶᠢᠨ᠎ᠠ᠂ ᠡᠶᠢᠮᠤ ᠠᠴᠠ᠂ ᠸᠠᠺᠼᠢᠨ ᠢ ᠲᠠᠷᠢᠬᠰᠡᠨ ᠤ ᠲᠠᠷᠠᠭ᠎ᠠ ᠰᠡᠷᠭᠡᠶᠢᠯᠡᠯᠳᠡ | ᠬᠠᠮᠠᠭᠠᠯᠠᠯᠳᠠ ᠵᠢᠨᠠᠷᠭ᠎ᠠ ᠬᠡᠮᠵᠢᠶ᠎ᠡ ᠪᠠᠨ ᠰᠤᠯᠠᠷᠠᠭᠤᠯᠬᠤ ᠦᠭᠡᠢ ᠪᠠᠶᠢᠪᠠᠯ ᠰᠠᠶ᠋ᠢ ᠠᠮᠤᠷ ᠲᠦᠪᠰᠢᠨ ᠢ ᠨᠡᠩ | ᠰᠠᠶᠢᠨ ᠪᠠᠳᠤᠯᠠᠵᠤ ᠴᠢᠳᠠᠨ᠎ᠡ᠃ ᠸᠠᠺᠼᠢᠨ ᠢ ᠲᠠᠷᠢᠬᠰᠡᠨ ᠤ ᠲᠠᠷᠠᠭ᠎ᠠ᠂ ᠤᠯᠠᠨ ᠢᠶᠠᠷ ᠢᠶᠠᠨ ᠠᠮᠠᠪᠴᠢ ᠵᠡᠬᠦᠬᠦ᠂ | ᠭᠠᠷ ᠢᠶᠠᠨ ᠦᠷᠬᠦᠯᠵᠢ ᠤᠬᠢᠶᠠᠬᠤ᠂ ᠨᠡᠶᠢᠭᠡᠮ ᠤᠨᠬᠠᠷᠢᠯᠴᠠᠭᠠᠨ ᠤ ᠵᠠᠢ ᠪᠠᠨ ᠪᠠᠳᠤᠯᠬᠠᠤ ᠵᠡᠷᠭᠡ ᠰᠠᠶᠢᠨ ᠰᠠᠶᠢᠬᠠᠨ | ᠲᠠᠳᠬᠠᠯ ᠢ ᠪᠠᠭᠳᠠᠭᠠᠬᠰᠡᠨ ᠬᠤᠪᠢ ᠬᠦᠮᠦᠨ ᠤ ᠰᠡᠷᠭᠡᠶᠢᠯᠡᠯᠳᠡᠬᠠᠮᠠᠭᠠᠯᠠᠯᠳᠠ ᠶᠢᠨ ᠠᠷᠭ᠎ᠠ ᠬᠡᠮᠵᠢᠶ᠎ᠡ ᠪᠠᠨ | ᠦᠷᠬᠦᠯᠵᠢᠯᠡᠨ ᠪᠠᠳᠤᠯᠠᠬᠤ ᠶᠢ ᠱᠠᠭᠠᠷᠳᠠᠵᠤ ᠪᠠᠶᠢᠨ᠎ᠡ ᠭᠡᠵᠤ ᠬᠡᠯᠡᠪᠡ᠃ | ︵ᠰᠢᠨᠬᠤᠸᠠ ᠬᠤᠷᠢᠶᠠᠨ ᠤ ᠪᠡᠭᠡᠵᠢᠩ ᠤᠨ 12 ᠰᠠᠷ᠎ᠡ ᠶᠢᠨ 19 ᠤ ᠴᠠᠬᠢᠯᠭᠠᠨ ᠮᠡᠳᠡᠭᠡ ᠠᠴᠠ︶ |