ᠤᠬᠢᠶᠠᠭᠰᠠᠨ ᠬᠤᠪᠴᠠᠰᠤᠨ ᠳᠤ ᠠᠷᠢᠭᠤᠨ ᠴᠡᠪᠡᠷ ᠤᠨ ᠴᠠᠭᠠᠰᠤᠨ ᠤ ᠦᠷᠡᠳᠡᠰᠤ ᠨᠠᠭᠠᠯᠳᠤᠭᠰᠠᠨ ᠪᠠᠶᠢᠪᠠᠯ  ᠶᠠᠭᠠᠬᠢᠬᠤ ᠪᠤᠢ
ᠨᠡᠶᠢᠲᠡᠯᠡᠭᠰᠡᠨ ᠴᠠᠭ᠄
2020/12/22
    ᠶᠠᠷᠤ ᠶᠢᠨ ᠦᠶ᠎ᠠ ᠳᠤ᠂ ᠬᠤᠪᠴᠠᠰᠤ ᠤᠬᠢᠶᠠᠬᠤ ᠳᠤ ᠬᠠᠷᠮᠠᠨ ᠳᠠᠬᠢ ᠠᠷᠢᠭᠤᠨ ᠴᠡᠪᠡᠷ ᠤᠨ ᠴᠠᠭᠠᠰᠤ ᠶᠢ ᠠᠪᠴᠤ  ᠭᠠᠷᠭᠠᠬᠤ ᠪᠠᠨ ᠮᠠᠷᠳᠠᠳᠠᠭ᠂ ᠬᠤᠪᠴᠠᠰᠤ ᠤᠬᠢᠶᠠᠵᠤ ᠪᠠᠷᠠᠭᠰᠠᠨ ᠤ ᠳᠠᠷᠠᠭ᠎ᠠ ᠰᠠᠶ᠋ᠢ ᠬᠤᠪᠴᠠᠰᠤᠨ ᠳᠡᠬᠡᠷ᠎ᠠ ᠪᠦᠷ  ᠴᠠᠭᠠᠰᠤᠨ ᠤ ᠦᠷᠡᠳᠡᠰᠤ ᠪᠠᠶᠢᠬᠤ ᠶᠢ ᠤᠯᠵᠤ ᠮᠡᠳᠡᠳᠡᠭ ᠪᠠᠶᠢᠨ᠎ᠠ᠃ ᠤᠯᠠᠩᠬᠢ ᠬᠦᠮᠤᠨ ᠪᠦᠷ ᠡᠶᠢᠮᠤ ᠪᠠᠶᠢᠳᠠᠯ ᠳᠤᠯᠭᠠᠷᠠᠵᠤ  ᠦᠡᠭᠬᠡᠷᠡᠭᠰᠡᠨ ᠪᠠᠶᠢᠬ᠎ᠠ᠂ ᠳᠡᠬᠡᠪᠡᠯ ᠡᠳᠡᠬᠡᠷ ᠦᠷᠡᠳᠡᠰᠤ ᠶᠢ ᠬᠡᠷᠬᠢᠨ ᠰᠢᠢᠳᠪᠤᠷᠢᠯᠡᠬᠦ ᠪᠢᠯᠠ︖ ᠦᠨᠤᠳᠤᠷ ᠳᠠ ᠨᠠᠷ ᠲᠤ  ᠬᠡᠳᠤᠨ ᠰᠠᠶᠢᠨ ᠠᠷᠭ᠎ᠠ ᠵᠢᠭᠠᠵᠤ ᠦᠭᠬᠦᠶ᠎ᠠ︕           ᠡᠬᠡᠬᠡᠵᠤ ᠬᠠᠳᠠᠭᠠᠬᠤ ᠪᠤᠶᠤ ᠦᠯᠢᠶᠡᠬᠦᠷ ᠮᠠᠰᠢᠨ ᠢᠶᠠᠷ ᠦᠯᠢᠶᠡᠵᠤ ᠬᠠᠳᠠᠭᠠᠬᠤ          ᠬᠤᠪᠴᠠᠰᠤ ᠤᠬᠢᠶᠠᠭᠰᠠᠨ ᠤ ᠳᠠᠷᠠᠭ᠎ᠠ ᠴᠠᠭᠠᠰᠤᠨ ᠦᠷᠡᠳᠡᠰᠤ ᠨᠠᠭᠠᠯᠳᠤᠭᠰᠠᠨ ᠪᠤᠯ ᠰᠠᠨᠳᠤᠷᠬᠤ ᠴᠢᠬᠤᠯᠠ ᠦᠬᠡᠢ ᠂  ᠳᠠᠬᠢᠵᠤ ᠤᠬᠢᠶᠠᠭᠰᠠᠨ ᠤ ᠴᠤ ᠬᠡᠷᠡᠭ ᠦᠬᠡᠢ᠂ ᠵᠦᠪᠬᠡᠨ ᠨᠠᠷᠠᠨ ᠤ ᠬᠡᠷᠡᠯ ᠳᠤ ᠠᠶᠠᠨᠳᠠᠭᠠᠨ ᠡᠬᠡᠬᠡᠵᠤ ᠬᠠᠳᠠᠭᠠᠨ᠂ ᠳᠠᠬᠢᠨ  ᠬᠡᠳᠤ ᠤᠳᠠᠭ᠎ᠠ ᠬᠦᠴᠤᠳᠠᠢ ᠰᠡᠭᠰᠤᠷᠪᠠᠯ᠂ ᠴᠠᠭᠠᠰᠤᠨ ᠤ ᠦᠷᠡᠳᠡᠰᠤ ᠨᠢ ᠳᠠᠷᠤᠢ ᠦᠯᠡᠳᠡᠯ ᠦᠬᠡᠢ ᠤᠨᠠᠵᠤ ᠪᠠᠭᠤᠨ᠎ᠠ᠃  ᠬᠡᠷᠪᠠ ᠴᠠᠭᠠᠰᠤᠨ ᠦᠷᠡᠳᠡᠰᠤ ᠨᠢ ᠨᠠᠯᠢᠶᠡᠳ ᠪᠦᠬᠡ ᠨᠠᠭᠠᠯᠳᠤᠭᠰᠠᠨ ᠪᠤᠯ᠂ ᠮᠤᠳᠤ ᠪᠠᠷ ᠪᠠᠭ᠎ᠠ ᠴᠤᠬᠢᠪᠠᠯ ᠦᠷ᠎ᠠ ᠳ᠋ᠦᠡᠭ ᠨᠢ  ᠨᠠᠩ ᠰᠠᠶᠢᠨ ᠪᠠᠶᠢᠳᠠᠭ᠃ ᠬᠡᠷᠪᠠ ᠨᠤᠤᠰᠤᠨ ᠬᠤᠪᠴᠠᠰᠤ ᠪᠤᠯ ᠰᠡᠭᠰᠤᠷᠴᠤ ᠪᠠᠭᠤᠯᠭᠠᠬᠤ ᠳᠤ ᠳᠤᠩ ᠬᠦᠴᠢᠷ ᠪᠠᠶᠢᠳᠠᠭ  ᠤᠴᠢᠷ ᠠᠴᠠ ᠳᠠᠷᠠᠭᠠᠬᠢ ᠠᠷᠭ᠎ᠠ ᠶᠢ ᠳᠤᠷᠰᠢᠨ ᠬᠡᠷᠡᠭᠯᠡᠬᠡᠷᠡᠢ᠃         ᠰᠢᠯᠯᠢᠭ ᠭᠤᠮ ᠢᠶᠠᠷ ᠨᠠᠭᠠᠯᠳᠤᠭᠤᠯᠤᠨ ᠠᠪᠬᠤ           ᠭᠠᠷ ᠳᠡᠬᠡᠷ᠎ᠠ ᠪᠠᠨ ᠨᠢᠬᠡ ᠴᠠᠭᠠᠷᠢᠭ ᠰᠢᠯᠯᠢᠭ ᠭᠤᠮ ᠤᠷᠢᠶᠠᠵᠤ᠂ ᠬᠤᠪᠴᠠᠰᠤᠨ ᠳᠡᠬᠡᠷ᠎ᠠ ᠵᠤᠬᠢᠬᠤ ᠳᠡᠰ ᠳᠠᠷᠠᠭ᠎ᠠ ᠪᠠᠷ  ᠳᠠᠷᠤᠪᠠᠯ ᠳᠠᠷᠤᠢ ᠰᠢᠯᠯᠢᠭ ᠭᠤᠮ ᠨᠢ ᠠᠷᠢᠭᠤᠨ ᠴᠡᠪᠡᠷ ᠤᠨ ᠴᠠᠭᠠᠰᠤ ᠶᠢ ᠨᠠᠭᠠᠯᠳᠤᠭᠤᠯᠤᠨ ᠪᠠᠭᠤᠯᠭᠠᠵᠤ ᠴᠢᠳᠠᠨ᠎ᠠ᠃           ᠬᠠᠶᠢᠮᠢᠶᠠᠨ ᠢᠶᠠᠷ ᠠᠷᠴᠢᠬᠤ          ᠨᠢᠬᠡ ᠬᠡᠰᠡᠭ ᠬᠠᠶᠢᠮᠢᠶᠠᠨ ᠢ ᠤᠰᠤᠨ ᠳᠤ ᠳᠦᠷᠤᠵᠤ᠂ ᠬᠤᠪᠴᠠᠰᠤ ᠪᠠᠨ ᠳᠡᠯᠬᠡᠨ᠂ ᠨᠦᠢᠳᠠᠨ ᠬᠠᠶᠢᠮᠢᠶᠠᠨ ᠢᠶᠠᠷ  ᠠᠷᠴᠢᠪᠠᠯ ᠵᠢᠵᠢᠭ ᠨᠤᠤᠰᠤᠨ ᠦᠷᠡᠳᠡᠰᠤ ᠶᠢ ᠳᠦᠢᠯ ᠤᠨ ᠬᠤᠷᠳᠤᠨ ᠠᠷᠴᠢᠵᠤ ᠪᠠᠭᠤᠯᠭᠠᠵᠤ ᠳᠠᠶᠢᠯᠬᠦ ᠶᠢ ᠤᠯᠵᠤ ᠮᠡᠳᠡᠬᠦ  ᠶᠤᠮ᠃        ᠨᠦᠢᠳᠠᠨ ᠴᠠᠭᠠᠰᠤᠨ ᠠᠯᠴᠢᠭᠤᠷ ᠢᠶᠠᠷ ᠠᠷᠴᠢᠬᠤ        ᠨᠦᠢᠳᠠᠨ ᠴᠠᠭᠠᠰᠤᠨ ᠠᠯᠴᠢᠭᠤᠷ ᠢᠶᠠᠷ ᠪᠠᠰᠠ ᠠᠷᠴᠢᠵᠤ ᠪᠤᠯᠤᠨ᠎ᠠ᠂ ᠴᠠᠭᠠᠰᠤᠨ ᠦᠷᠡᠳᠡᠰᠤ ᠨᠢ ᠨᠦᠢᠳᠠᠨ ᠴᠠᠭᠠᠰᠤᠨ  ᠠᠯᠴᠢᠭᠤᠷ ᠤᠨ ᠴᠢᠬᠢᠭ ᠲᠤ ᠵᠦᠬᠡᠯᠠᠨ ᠪᠤᠯᠵᠤ᠂ ᠠᠷᠴᠢᠬᠤ ᠶᠠᠪᠤᠴᠠ ᠳᠤᠮᠳᠠ ᠳᠠᠷᠤᠢ ᠬᠤᠪᠴᠠᠰᠤᠨ ᠠᠴᠠ ᠰᠠᠯᠴᠢᠬᠠᠨ᠎ᠠ᠃        ᠰᠢᠶᠠᠩᠵᠢᠶᠤᠤ ᠪᠡᠬᠡᠯᠡᠢ         ᠨᠢᠬᠡ ᠭᠠᠷ ᠲᠤ ᠪᠠᠨ ᠰᠦᠷᠴᠢᠬᠦᠷ ᠠᠪᠴᠤ ᠬᠤᠪᠴᠠᠰᠤᠨ ᠳᠡᠬᠡᠷ᠎ᠠ ᠪᠠᠨ ᠤᠰᠤ ᠰᠦᠷᠴᠢᠵᠤ᠂ ᠨᠢᠬᠡ ᠭᠠᠷ ᠲᠤ ᠪᠠᠨ  ᠰᠢᠶᠠᠩᠵᠢᠶᠤᠤ ᠪᠡᠬᠡᠯᠡᠢ ᠵᠡᠬᠦᠵᠤ ᠨᠢᠬᠡ ᠵᠦᠭᠯᠡᠯ ᠳᠠᠶᠢᠰᠢ ᠦᠷᠤᠨ ᠱᠦᠷᠬᠦᠬᠡᠪᠡᠯ ᠳᠠᠷᠤᠢ ᠠᠷᠢᠭᠤᠨ ᠴᠡᠪᠡᠷ ᠤᠨ ᠴᠠᠭᠠᠰᠤ ᠶᠢ  ᠠᠪᠴᠤ ᠬᠠᠶᠠᠵᠤ ᠳᠠᠶᠢᠯᠤᠨ᠎ᠠ᠃  
 
ᠢᠷᠡᠯᠲᠡ᠄ ᠲᠦᠩᠯᠢᠶᠣᠣ ᠬᠤᠲᠠ ᠶᠢᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号