ᠨᠠᠰᠤᠨ ᠤ ᠤᠷᠤᠰᠬᠠᠯ
ᠨᠡᠶᠢᠲᠡᠯᠡᠭᠰᠡᠨ ᠴᠠᠭ᠄
2020/12/14
               ᠵᠣᠬᠢᠶᠠᠭᠴᠢ᠄ ᠯᠢ · ᠫᠦᠷᠪᠦ        ᠱᠠᠩᠳᠦ ᠶᠢᠨ ᠭᠤᠤᠯ ᠱᠤᠤᠬᠢᠨ ᠤᠷᠤᠰᠤᠨ᠎ᠠ    ᠰᠢᠷ᠎ᠠ ᠳᠠᠯ᠎ᠠ ᠪᠠᠷ ᠰᠢᠮ᠎ᠠ ᠳᠠᠩᠰᠤᠭ ᠤᠷᠤᠰᠤᠨ᠎ᠠ    ᠰᠠᠶ᠎ᠠ ᠵᠠᠭᠤᠨ ᠢᠶᠠᠷ ᠤᠷᠤᠰᠬᠤ ᠳᠠᠭᠠᠨ    ᠰᠡᠷᠡᠨ ᠤ ᠦᠡᠭᠬᠡ ᠪᠠᠷ ᠬᠡᠷᠡᠯᠳᠦᠨ᠎ᠠ    ᠰᠦᠨᠢ ᠡᠳᠦᠷ ᠦᠬᠡᠢ ᠵᠢᠷᠢᠯᠵᠡᠨ ᠤᠷᠤᠰᠤᠨ᠎ᠠ    ᠰᠦᠨ ᠴᠠᠭᠠᠨ ᠰᠡᠳᠬᠢᠯ ᠢᠶᠠᠷ ᠪᠤᠭᠤᠷᠤᠯᠳᠤᠨ ᠤᠷᠤᠰᠤᠨ᠎ᠠ    ᠰᠦᠵᠢᠭ ᠬᠠᠶᠢᠷ᠎ᠠ ᠪᠠᠷ ᠤᠷᠤᠰᠤᠨ᠎ᠠ    ᠰᠠᠭᠠᠷᠠᠰᠢ ᠦᠬᠡᠢ ᠤᠷᠬᠢᠯᠤᠨ᠎ᠠ      ᠡᠷᠬᠡᠰ ᠤᠨ ᠭᠤᠤᠯ ᠡᠷᠴᠢᠯᠡᠨ ᠡᠷᠴᠢᠯᠡᠨ ᠤᠷᠤᠰᠤᠨ᠎ᠠ    ᠡᠬᠡ ᠨᠤᠳᠤᠭ ᠢᠶᠠᠷ ᠮᠢᠨᠢ ᠡᠬᠡᠰᠢᠭ ᠴᠡᠩᠬᠡᠷ ᠤᠷᠤᠰᠤᠨ᠎ᠠ    ᠵᠠᠭᠤᠨ ᠵᠠᠭᠤᠨ ᠢᠶᠠᠷ ᠤᠷᠤᠰᠬᠤ ᠳᠠᠭᠠᠨ    ᠨᠡᠷᠡᠨ ᠤ ᠬᠡᠷᠡᠯ ᠢᠶᠠᠷ ᠳᠤᠶᠠᠭᠠᠷᠠᠨ᠎ᠠ    ᠡᠪᠦᠯ ᠵᠤᠨ ᠦᠬᠡᠢ ᠤᠷᠤᠰᠤᠨ᠎ᠠ    ᠦᠬᠡᠳᠡ ᠡᠰᠡᠷᠡᠭ᠂ ᠢᠳᠡᠬᠡᠯ ᠢᠶᠠᠷ ᠨᠠᠰᠤᠵᠢᠨ ᠤᠷᠤᠰᠤᠨ᠎ᠠ    ᠦᠪ ᠪᠤᠶᠡᠨ ᠢᠶᠠᠷ ᠤᠷᠤᠰᠬᠤ ᠳᠠᠭᠠᠨ    ᠦᠳᠡᠯᠦᠰᠢ ᠦᠬᠡᠢ ᠪᠤᠷᠬᠢᠯᠦᠨ᠎ᠠ᠃
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠠ