ᠮᠠᠨᠵᠤᠤᠷ ᠪᠠ ᠯᠦ ᠪᠢᠨ ᠰᠢᠶᠠᠨ ᠤ ᠲᠤᠬᠠᠢ ᠤᠯᠠᠨ ᠵᠢᠯ ᠤᠨ ᠲᠤᠷᠰᠢ ᠠᠳᠠᠯᠢ ᠪᠤᠰᠤ ᠶᠢᠨ ᠬᠡᠯᠡᠯᠭᠡ ᠪᠠᠶᠢᠳᠠᠭ᠃ | 1979 ᠤᠨ ᠳᠤ ᠬᠡᠪᠯᠡᠭᠳᠡᠭᠰᠡᠨ ᠭᠤᠷᠪᠠᠨ ᠪᠤᠳᠢ ︽ᠦᠭᠡᠰ ᠤᠨ ᠳᠠᠯᠠᠢ︾ ᠳᠤ᠂ ︽ᠮᠠᠨᠵᠤᠤᠷ︾ ᠤᠨ ᠲᠤᠬᠠᠢ | ᠳᠠᠶᠢᠯᠪᠦᠷᠢ ᠳᠤ ︽ᠮᠠᠨᠵᠤᠤᠷ ᠁ ᠴᠢᠩ ᠤᠯᠤᠰ ᠤᠨ ᠰᠡᠬᠦᠯᠴᠢ ᠶᠢᠨ ᠦᠶ᠎ᠡ ᠳᠤ ᠯᠦ ᠪᠢᠨ ᠹᠦ᠋ ᠲᠤᠬᠢᠷᠠᠭᠤᠯᠵᠤ᠂ | 1913 ᠤᠨ ᠳᠤ ᠰᠢᠶᠠᠨ ᠪᠤᠯᠭᠠᠵᠤ ᠦᠭᠡᠷᠡᠴᠢᠯᠡᠨ᠂ 1934 ᠤᠨ ᠳᠤ ᠮᠠᠨᠵᠤᠤᠷ ᠬᠤᠳᠠ ᠬᠡᠮᠡᠨ ᠲᠤᠬᠢᠷᠠᠭᠤᠯᠤᠨ | ᠪᠠᠶᠢᠭᠤᠯᠵᠠᠢ︾ ᠬᠡᠵᠡᠢ᠃ ᠡᠶᠢᠮᠦᠷᠬᠦ ᠳᠠᠶᠢᠯᠪᠦᠷᠢ ᠨᠢ ᠪᠠᠰᠠ ᠤᠨᠤᠪᠴᠢ ᠦᠭᠡᠢ ᠭᠡᠳᠡᠭ ᠨᠢ ᠢᠯᠡᠷᠭᠡᠢ᠃ ᠤᠯᠡᠮ ᠢᠶᠠᠷ | ᠳᠤᠳᠤᠷᠠᠭᠤᠯᠬᠤ ᠬᠡᠷᠡᠭᠳᠡᠢ ᠪᠠᠶᠢᠨ᠎ᠠ᠃ | ︽ᠮᠠᠨᠵᠤᠤᠷ︾ ᠭᠡᠬᠦ ᠭᠠᠵᠠᠷ ᠤᠨ ᠨᠡᠷ᠎ᠠ 1901 ᠤᠨ ᠳᠤ ᠢᠯᠡᠷᠡᠭᠰᠡᠨ᠃ ᠡᠬᠦᠨ ᠠᠴᠠ ᠡᠮᠦᠨ᠎ᠡ ᠮᠠᠨᠵᠤᠤᠷ | ᠤᠷᠤᠨ ᠢ ︽ᠪᠤᠷᠬᠢᠯᠠᠬᠤ ᠪᠤᠯᠠᠭ︾ ᠭᠡᠵᠤ ᠳᠠᠭᠤᠳᠠᠵᠤ᠂ ᠦᠨᠦᠳᠦᠷ ᠤᠨ ᠮᠠᠨᠵᠤᠤᠷ ᠬᠤᠳᠠ ᠶᠢᠨ ᠬᠤᠶᠢᠲᠦ | ᠠᠶᠢᠯ ᠤᠨ ᠬᠠᠪᠢ ᠳᠤ ᠪᠠᠶᠢᠳᠠᠭ ᠪᠤᠯᠠᠭ ᠢᠶᠠᠷ ᠨᠡᠷᠡᠯᠡᠭᠰᠡᠨ ᠪᠠᠶᠢᠳᠠᠭ᠃ 1901 ᠤᠨ ᠳᠤ᠂ ᠲᠤᠷᠤᠨᠠᠳᠤ ᠶᠢᠨ ᠳᠡᠮᠦᠷ | ᠵᠠᠮ ᠤᠨ ᠬᠢᠨ ᠠᠳᠡ ᠳᠡᠮᠦᠷ ᠵᠠᠮ ᠤᠨ ᠦᠷᠳᠡᠭᠡ ᠪᠠᠶᠢᠭᠤᠯᠵᠤ᠂ ᠦᠷᠳᠡᠭᠡᠨ ᠤ ᠨᠡᠷ᠎ᠠ ᠶᠢ ︽ᠮᠠᠨᠵᠤᠤᠷ︾ ᠭᠡᠮᠡᠵᠤ᠂ | ︽ᠠᠳᠡ ᠠᠴᠠ ᠡᠬᠢᠯᠡᠵᠤ ᠮᠠᠨᠵᠤ ᠴᠢᠩ ᠤᠨ ᠬᠠᠷᠢᠶᠠᠲᠦ ᠭᠠᠵᠠᠷ ᠪᠤᠯᠵᠤᠬᠤᠢ︾ ᠭᠡᠰᠡᠨ ᠤᠳᠬ᠎ᠠ ᠪᠠᠷ ᠨᠡᠷᠡᠯᠡᠵᠥ | ᠪᠠᠶᠢᠬᠰᠠᠨ ᠪᠠᠶᠢᠨ᠎ᠠ᠃ | 1903 ᠤᠨ ᠳᠤ ᠳᠡᠮᠦᠷ ᠵᠠᠮ ᠢᠶᠠᠷ ᠲᠡᠷᠭᠡ ᠨᠡᠪᠳᠡᠷᠡᠭᠰᠡᠨ ᠤ ᠳᠠᠷᠠᠭ᠎ᠠ᠂ ᠴᠠᠭᠠᠨ ᠬᠠᠭᠠᠨᠲᠤ ᠤᠷᠤᠰ — | ᠮᠠᠨᠵᠤᠤᠷ ᠳᠡᠮᠦᠷ ᠵᠠᠮ ᠤᠨ ᠬᠤᠶᠠᠷ ᠲᠠᠯ᠎ᠠ ᠶᠢᠨ ᠪᠠᠷᠤᠭ ᠳᠦᠷᠪᠡᠨ ᠲᠡᠭᠰᠢ ᠲᠦᠷᠪᠡᠯᠵᠢᠨ ᠺᠢᠯᠦᠮᠧᠳ᠋ᠷ ᠭᠠᠵᠠᠷ ᠢ | ᠲᠤᠷᠤᠨᠠᠳᠤ ᠶᠢᠨ ᠳᠡᠮᠦᠷ ᠵᠠᠮ ᠤᠨ ᠬᠠᠷᠢᠶᠠᠳᠦ ᠭᠠᠵᠠᠷ ᠪᠤᠯᠭᠠᠵᠤ᠂ ᠠᠯᠪᠠᠳᠠᠯᠭ᠎ᠠ ᠶᠢᠨ ᠴᠢᠨᠠᠷᠲᠠᠢ ᠪᠠᠷ ᠤᠷᠤᠰ | ᠬᠦᠮᠦᠨ ᠢᠶᠠᠷ ᠬᠠᠮᠢᠶᠠᠷᠤᠭᠤᠯᠵᠠᠢ᠃ 1908 ᠤᠨ ᠤ 2 ᠰᠠᠷ᠎ᠠ ᠳᠤ᠂ ᠮᠠᠨᠵᠤᠤᠷ ᠲᠤ ︽ᠮᠠᠨᠵᠤᠤᠷ ᠤᠨ ᠦᠪᠡᠷᠳᠡᠭᠡᠨ | ᠵᠠᠰᠠᠬᠤ ᠵᠦᠪᠯᠡᠯ︾ ᠪᠠᠶᠢᠭᠤᠯᠤᠭᠳᠠᠵᠤ᠂ ᠤᠷᠤᠰ ᠬᠦᠮᠦᠨ ᠭᠡᠷᠡᠭ ᠮᠡᠳᠡᠭᠴᠢᠳ ᠤᠨ ᠳᠠᠷᠤᠭ᠎ᠠ ᠪᠤᠯᠵᠤ᠂ ᠬᠠᠷᠢᠶᠠᠳᠦ | ᠤᠷᠤᠨ ᠳᠤᠳᠤᠷᠠᠬᠢ ᠠᠯᠢᠪᠠ ᠵᠠᠰᠠᠭ ᠵᠠᠬᠢᠷᠭᠠᠨ ᠤ ᠭᠡᠷᠡᠭ ᠶᠠᠪᠤᠳᠠᠯ ᠢ ᠪᠦᠷ ︽ᠦᠪᠡᠷᠳᠡᠭᠡᠨ ᠵᠠᠰᠠᠬᠤ ᠵᠦᠪᠯᠡᠯ︾ | ᠬᠠᠮᠢᠶᠠᠷᠴᠤ᠂ ᠤᠷᠤᠰ ᠤᠨ ᠬᠢᠨ ᠬᠠᠦᠯᠢ ᠴᠠᠭᠠᠵᠠ ᠪᠠᠷ ᠭᠡᠷᠡᠭ ᠶᠠᠪᠤᠳᠠᠯ ᠢ ᠰᠢᠢᠳᠪᠦᠷᠢᠯᠡᠬᠦ ᠪᠦᠭᠡᠳ ᠬᠢᠨᠳᠠᠨ | ᠪᠠᠶᠢᠭᠤᠯᠵᠤ᠂ ᠮᠠᠨᠵᠤᠤᠷ ᠤᠨ ᠵᠠᠰᠠᠭ ᠵᠠᠬᠢᠷᠭᠠᠨ ᠤ ᠡᠷᠭᠡ ᠶᠢ ᠪᠤᠯᠢᠶᠠᠨ ᠠᠪᠴᠠᠢ᠃ | 1917 ᠤᠨ ᠠᠴᠠ ᠰᠡᠬᠦᠯᠡᠷ᠂ ᠳᠤᠮᠳᠠᠳᠦ ᠤᠯᠤᠰ ᠤᠨ ᠵᠡᠬᠦᠨ ᠬᠤᠶᠢᠲᠦ ᠤᠷᠤᠨ ᠤ ᠤᠷᠤᠨ ᠨᠤᠳᠤᠭ ᠤᠨ | ᠵᠠᠰᠠᠭ ᠤᠨ ᠤᠷᠳᠤᠨ ᠠᠴᠠ ᠲᠤᠷᠤᠨᠠᠳᠤ ᠶᠢᠨ ᠳᠡᠮᠦᠷ ᠵᠠᠮ ᠤᠨ ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠡᠷᠭᠡ ᠪᠠᠨ | ᠵᠠᠯᠭᠠᠪᠠᠷ ᠪᠤᠴᠠᠭᠠᠨ ᠠᠪᠴᠢᠷᠠᠵᠠᠢ᠃ 1923 ᠤᠨ ᠤ 3 ᠰᠠᠷᠠᠶᠢᠨ 1 ᠤ ᠡᠳᠦᠷ᠂ ᠬᠠᠷᠪᠢᠨ ᠳᠤ ︽ᠵᠡᠬᠦᠨ | ᠮᠤᠵᠢ ᠶᠢᠨ ᠤᠨᠴᠠᠭᠠᠢ ᠤᠷᠤᠨ ᠤ ᠵᠠᠰᠠᠭ ᠵᠠᠬᠢᠷᠭᠠᠨ ᠤ ᠨᠤᠶᠠᠨ ᠤ ᠠᠯᠪᠠᠨ ᠶᠠᠮᠤᠨ︾ ᠢ ᠵᠢᠩᠬᠢᠨᠢ ᠪᠠᠷ ᠪᠠᠶᠢᠭᠤᠯᠵᠤ᠂ | ᠲᠤᠷᠤᠨᠠᠳᠤ ᠶᠢᠨ ᠳᠡᠮᠦᠷ ᠵᠠᠮ ᠲᠠᠭᠠᠤ ᠡᠯ᠎ᠡ ᠦᠷᠳᠡᠭᠡᠨ ᠤ ᠵᠠᠰᠭ ᠵᠠᠬᠢᠷᠭᠠᠨ ᠤ ᠭᠡᠷᠡᠭ ᠶᠠᠪᠤᠳᠠᠯ ᠢ ᠡᠷᠬᠢᠯᠡᠨ | ᠬᠠᠮᠢᠶᠠᠷᠴᠠᠢ᠃ 1923 ᠤᠨ ᠤ 4 ᠰᠠᠷ᠎ᠠ ᠳᠤ᠂ ᠮᠠᠨᠵᠤᠤᠷ ᠤᠨ ᠬᠤᠳᠠ ᠶᠢᠨ ᠶᠠᠪᠤᠳᠠᠯ ᠤᠨ ᠬᠤᠪᠢᠶᠠᠷᠢ | ᠲᠤᠪᠴᠢᠶ᠎ᠠ ᠶᠢ ᠪᠠᠶᠢᠭᠤᠯᠵᠤ᠂ ᠳᠤᠮᠳᠠᠳᠤ ᠤᠯᠤᠰ ᠤᠨ ᠬᠦᠮᠤᠨ ᠳᠤᠪᠴᠢᠶᠠᠨ ᠳᠠᠷᠤᠭ᠎ᠠ ᠶᠢ ᠡᠭᠦᠷᠭᠡᠯᠡᠨ᠂ ᠬᠤᠳᠠ ᠶᠢᠨ | ᠶᠠᠪᠤᠳᠠᠯ ᠢ ᠬᠠᠮᠢᠶᠠᠷᠬᠤ ᠶᠢᠨ ᠵᠡᠷᠭᠡ ᠪᠠᠷ ᠳᠡᠮᠦᠷ ᠵᠠᠮ ᠤᠨ ᠬᠠᠷᠢᠯᠴᠠᠭᠠᠨ ᠤ ᠬᠠᠮᠢᠶ᠎ᠠ ᠪᠦᠬᠦᠢ ᠠᠵᠢᠯ ᠢ ᠬᠠᠮᠢᠶᠠᠷᠴᠠᠢ᠃ | 1926 ᠤᠨ ᠳᠤ ᠬᠤᠳᠠ ᠶᠢᠨ ᠶᠠᠪᠤᠳᠠᠯ ᠤᠨ ᠠᠯᠪᠠᠨ ᠤ ᠭᠠᠵᠠᠷ ᠬᠡᠵᠤ ᠦᠭᠡᠷᠡᠴᠢᠯᠡᠨ᠂ ᠶᠠᠫᠤᠨ | ᠲᠦᠷᠢᠮᠡᠬᠡᠶᠢᠯᠡᠭᠴᠢᠳ ᠲᠤᠰ ᠤᠷᠤᠨ ᠳᠤ ᠤᠷᠤᠵᠤ ᠢᠷᠡᠬᠦ ᠠᠴᠠ ᠡᠮᠦᠨ᠎ᠡ ᠪᠤᠯᠳᠠᠯ᠎ᠠ᠂ ᠮᠠᠨᠵᠤᠤᠷ ᠤᠨ ᠬᠤᠳᠠ ᠶᠢᠨ | ᠶᠠᠪᠤᠳᠠᠯ ᠤᠨ ᠠᠯᠪᠠᠨ ᠤ ᠭᠠᠵᠠᠷ ᠪᠦᠬᠦᠨ ᠢᠶᠠᠷ ᠢᠶᠠᠨ ᠲᠤᠷᠤᠨᠠᠳᠤ ᠶᠢᠨ ᠳᠡᠮᠦᠷ ᠵᠠᠮ ᠤᠨ ︽ᠵᠡᠬᠦᠨ ᠮᠤᠵᠢ ᠶᠢᠨ | ᠤᠨᠴᠠᠭᠠᠢ ᠤᠷᠤᠨ ᠤ ᠵᠠᠰᠠᠭ ᠵᠠᠬᠢᠷᠭᠠᠨ ᠤ ᠨᠤᠶᠠᠨ ᠤ ᠠᠯᠪᠠᠨ ᠶᠠᠮᠤᠨ︾ ᠳᠤ ᠬᠠᠮᠢᠶᠠᠷᠤᠭᠳᠠᠵᠤ ᠪᠠᠶᠢᠵᠠᠢ᠃ | ᠯᠦ ᠪᠢᠨ ᠰᠢᠶᠠᠨ ᠪᠤᠯ ᠯᠦ ᠪᠢᠨ ᠹᠦ᠋ ᠶᠢᠨ ᠰᠠᠭᠤᠷᠢᠨ ᠳᠡᠭᠡᠷ᠎ᠡ ᠪᠠᠶᠢᠭᠤᠯᠤᠭᠰᠠᠨ ᠪᠠᠶᠢᠳᠠᠭ᠃ 1908 ᠤᠨ ᠳᠤ | ᠂ ᠬᠢᠯᠢ ᠶᠢᠨ ᠰᠡᠷᠭᠡᠶᠢᠯᠡᠯᠳᠡ ᠪᠠᠨ ᠴᠢᠩᠭᠠᠳᠬᠠᠬᠤ ᠶᠢᠨ ᠲᠦᠯᠦᠭᠡ᠂ ᠴᠢᠩ ᠤᠯᠤᠰ ᠤᠨ ᠵᠠᠰᠠᠭ ᠤᠨ ᠭᠠᠵᠠᠷ | ᠦᠨᠦᠳᠦᠷ ᠤᠨ ᠮᠠᠨᠵᠤᠤᠷ ᠬᠤᠳᠠ ᠶᠢᠨ ᠪᠠᠷᠠᠭᠤᠨ ᠭᠡᠰᠡᠭ ᠲᠠᠬᠢ ᠳᠡᠮᠦᠷ ᠵᠠᠮ ᠤᠨ ᠪᠠᠷᠠᠭᠤᠨ ᠶᠡᠭᠡ ᠬᠦᠬᠦᠷᠭᠡ ᠠᠴᠠ | ᠡᠮᠦᠨ᠎ᠡ ᠪᠠᠷᠤᠭ ᠬᠤᠶᠠᠷ ᠺᠢᠯᠦᠮᠧᠳ᠋ᠷ ᠤᠷᠴᠢᠮ ᠭᠠᠵᠠᠷ ᠲᠤ ᠸᠠᠭᠠᠷ ᠤᠨ ᠪᠠᠶᠢᠰᠢᠩ ᠠᠷᠪᠠᠨ ᠨᠠᠢᠮᠠᠨ ᠲᠠᠰᠤᠯᠭ᠎ᠠ | ᠪᠠᠶᠢᠭᠤᠯᠵᠤ᠂ ᠯᠦ ᠪᠢᠨ ᠹᠦ᠋ ᠶᠢ ᠪᠠᠶᠢᠭᠤᠯᠵᠠᠢ᠃ ︽ᠯᠦ ᠪᠢᠨ︾ ᠨᠡᠷᠡᠶᠢᠳᠦᠯ ᠪᠤᠯ ︽ᠯᠦ ᠪᠢᠨ ᠭᠤᠤᠯ︾ ︵ | ᠦᠨᠦᠳᠦᠷ ᠤᠨ ᠭᠡᠷᠦᠯᠦᠨ ᠭᠤᠤᠯ︶ ᠠᠴᠠ ᠢᠷᠡᠯᠳᠡᠢ᠃ ᠲᠡᠬᠦᠨ ᠤ ᠬᠠᠷᠢᠶᠠᠯᠠᠵᠤ ᠪᠠᠭᠳᠠᠭᠠᠬᠤ ᠤᠷᠤᠨ ᠭᠡᠪᠡᠯ᠂ | ᠵᠡᠬᠦᠨ ᠪᠠᠷᠠᠭᠤᠨᠰᠢ ᠦᠷᠭᠡᠨ ᠢᠶᠠᠷ 325 ᠺᠢᠯᠦᠮᠧᠳ᠋ᠷ᠂ ᠡᠮᠦᠨ᠎ᠡ ᠤᠮᠠᠷᠠᠰᠢ ᠤᠷᠳᠦ ᠪᠠᠷ 307.5 ᠺᠢᠯᠦᠮᠧᠳ᠋ᠷ | ᠪᠠᠶᠢᠵᠤ᠂ ᠪᠦᠬᠦ ᠳᠠᠯᠠᠪᠠᠢ ᠨᠢ 99937.5 ᠲᠡᠭᠰᠢ ᠲᠦᠷᠪᠡᠯᠵᠢᠨ ᠺᠢᠯᠦᠮᠧᠳ᠋ᠷ ᠪᠤᠯᠤᠨ᠎ᠠ᠃ 1912 ᠤᠨ ᠤ 2 | ᠰᠠᠷᠠᠶᠢᠨ 4 ᠳᠤ᠂ ᠬᠦᠯᠦᠨ ᠪᠤᠶᠢᠷ ᠤᠨ ᠮᠤᠩᠭᠤᠯ ᠬᠤᠰᠢᠭᠤᠤᠨ ᠤᠨ ᠳᠡᠭᠡᠳᠦ ᠳᠠᠪᠬᠤᠷᠭᠠᠳᠠᠳ ᠤᠷᠤᠰ ᠤᠨ | ᠵᠡᠪᠰᠡᠭᠲᠦ ᠬᠦᠴᠦᠨ ᠤ ᠳᠡᠮᠵᠢᠯᠭᠡ ᠳᠤᠤᠷ᠎ᠠ᠂ ᠴᠡᠷᠢᠭ ᠳᠠᠶᠢᠴᠢᠯᠠᠨ ᠯᠦ ᠪᠢᠨ ᠹᠦ᠋ ᠶᠢ ᠳᠠᠭᠠᠷᠢᠨ ᠡᠵᠡᠯᠡᠵᠤ᠂ ᠯᠦ ᠪᠢᠨ | ᠹᠦ᠋ ᠶᠢᠨ ᠵᠠᠰᠠᠭ ᠢ ᠰᠦᠢᠷᠡᠬᠦᠯᠦᠭᠰᠡᠨ ᠪᠠᠶᠢᠨ᠎ᠠ᠃ 1914 ᠤᠨ ᠳᠤ ᠳᠤᠮᠳᠠᠳᠤ ᠤᠯᠤᠰ ᠤᠨ ᠵᠡᠬᠦᠨ ᠬᠤᠶᠢᠲᠦ ᠶᠢᠨ | ᠤᠷᠤᠨ ᠨᠤᠳᠤᠭ ᠤᠨ ᠵᠠᠰᠠᠭ ᠤᠨ ᠤᠷᠳᠤᠨ ᠯᠦ ᠪᠢᠨ ᠹᠦ᠋ ᠶᠢ ᠰᠢᠶᠠᠨ ᠭᠡᠵᠤ ᠨᠡᠷᠡᠶᠢᠳᠤᠭᠰᠡᠨ ᠪᠤᠯᠪᠠᠴᠤ᠂ ᠬᠦᠯᠦᠨ | ᠪᠤᠶᠢᠷ ᠤᠨ ᠮᠤᠩᠭᠤᠯ ᠬᠤᠰᠢᠭᠤᠤᠨ ᠤᠨ ᠳᠡᠭᠡᠲᠦ ᠳᠠᠪᠬᠤᠷᠭᠠᠳᠠᠳ ᠦᠪᠡᠷᠳᠡᠭᠡᠨ ᠵᠠᠰᠠᠬᠤ ᠵᠠᠰᠠᠭ ᠤᠷᠳᠤᠨ | ᠪᠠᠶᠢᠭᠤᠯᠵᠤ ᠬᠠᠷᠠᠮᠦ᠋ᠷᠡᠨ ᠮᠤᠵᠢ ᠶᠢᠨ ᠬᠠᠮᠢᠶᠠᠷᠤᠯᠳᠠ ᠠᠴᠠ ᠮᠤᠯᠳᠤᠷᠠᠬᠰᠠᠨ ᠠᠴᠠ ᠬᠡᠷᠡᠭᠵᠢᠭᠦᠯᠦᠭᠳᠡᠭᠰᠡᠨ ᠦᠭᠡᠢ | ᠪᠠᠶᠢᠳᠠᠭ᠃ 1920 ᠤᠨ ᠳᠤ᠂ ᠬᠦᠯᠦᠨ ᠪᠤᠶᠢᠷ ᠤᠨ ᠦᠪᠡᠷᠳᠡᠭᠡᠨ ᠵᠠᠰᠠᠬᠤ ᠵᠠᠰᠠᠭ ᠤᠨ ᠤᠷᠳᠤᠨ ᠠᠴᠠ ︽ | ᠦᠪᠡᠷᠳᠡᠭᠡᠨ ᠵᠠᠰᠠᠬᠤ︾ ᠪᠠᠨ ᠦᠭᠡᠶᠢᠰᠭᠡᠬᠦ ᠪᠠᠷ ᠨᠡᠶᠢᠳᠡᠯᠡᠵᠤ᠂ ᠳᠤᠮᠳᠠᠳᠤ ᠤᠯᠤᠰ ᠤᠨ ᠵᠡᠬᠦᠨ ᠬᠤᠶᠢᠲᠦ ᠶᠢᠨ | ᠭᠠᠵᠠᠷ ᠤᠷᠤᠨ ᠤ ᠵᠠᠰᠠᠭ ᠤᠨ ᠤᠷᠳᠤᠨ 1920 ᠤᠨ ᠤ 2 ᠰᠠᠷᠠᠶᠢᠨ 18 ᠤ ᠡᠳᠦᠷ ᠤᠤᠯ ᠤᠨ ᠯᠦ ᠪᠢᠨ | ᠹᠦ᠋ ᠶᠢᠨ ᠤᠷᠤᠨ ᠳᠤ ᠯᠦ ᠪᠢᠨ ᠰᠢᠶᠠᠨ ᠢ ᠪᠠᠶᠢᠭᠤᠯᠵᠤ᠂ ᠬᠠᠷᠢᠶᠠᠲᠦ ᠭᠠᠵᠠᠷ ᠢ ᠨᠢ ᠬᠤᠪᠢᠷᠠᠭᠤᠯᠤᠭᠰᠠᠨ ᠦᠭᠡᠢ᠂ | ᠬᠠᠷᠠᠮᠦ᠋ᠷᠡᠨ ᠮᠤᠵᠢ ᠳᠤ ᠬᠠᠷᠢᠶᠠᠯᠠᠭᠤᠯᠵᠠᠢ᠃ 1921 ᠤᠨ ᠤ 9 ᠰᠠᠷᠠᠶᠢᠨ 1 ᠤ ᠡᠳᠦᠷ᠂ ᠯᠦ ᠪᠢᠨ ᠰᠢᠶᠠᠨ ᠤ | ᠠᠯᠪᠠᠨ ᠶᠠᠮᠤᠨ ᠮᠠᠨᠵᠤᠤᠷ ᠤᠨ ᠬᠤᠳᠠ ᠶᠢᠨ ᠶᠠᠪᠤᠳᠠᠯ ᠤᠨ ᠬᠤᠪᠢᠶᠠᠷᠢ ᠳᠤᠪᠴᠢᠶᠠᠨ ᠤ ᠵᠦᠪᠰᠢᠶᠡᠷᠡᠯ ᠢᠶᠠᠷ | ᠮᠠᠨᠵᠤᠤᠷ ᠤᠨ ᠲᠡᠮᠦᠷ ᠵᠠᠮ ᠤᠨ ᠬᠤᠶᠢᠨᠠᠬᠢ ᠳᠦᠷᠪᠡᠳᠦᠭᠡᠷ ᠵᠡᠭᠡᠯᠢ ᠶᠢᠨ ᠠᠯᠪᠠᠯᠠᠬᠤ ᠭᠠᠵᠠᠷ ᠲᠤ ᠠᠯᠪᠠᠯᠠᠵᠠᠢ᠃ | 1932 ᠤᠨ ᠤ ᠰᠡᠬᠦᠯᠴᠢ᠂ ᠶᠠᠫᠤᠨ ᠲᠦᠷᠢᠮᠡᠬᠡᠶᠢᠯᠡᠭᠴᠢᠳ ᠬᠦᠯᠦᠨ ᠪᠤᠶᠢᠷ ᠤᠷᠤᠨ ᠳᠤ ᠤᠷᠤᠵᠤ ᠢᠷᠡᠭᠰᠡᠨ ᠤ | ᠳᠠᠷᠠᠭ᠎ᠠ᠂ ᠯᠦ ᠪᠢᠨ ᠰᠢᠶᠠᠨ ᠢ ᠬᠦᠴᠦᠨ ᠦᠭᠡᠢ ᠪᠤᠯᠭᠠᠵᠤ᠂ ᠳᠡᠬᠦᠨ ᠤ ᠬᠠᠷᠢᠶᠠᠲᠦ ᠭᠠᠵᠠᠷ ᠤᠷᠤᠨ ᠢ ᠡᠯ᠎ᠡ | ᠬᠤᠰᠢᠭᠤ ᠪᠠ ᠮᠠᠨᠵᠤᠤᠷ ᠲᠤ ᠬᠤᠪᠢᠶᠠᠨ ᠲᠠᠰᠤᠳᠠᠵᠤ ᠬᠠᠷᠢᠶᠠᠯᠠᠭᠤᠯᠵᠠᠢ᠃ | ᠦᠬᠦᠯᠡᠨ ᠪᠤᠢ ᠵᠤᠬᠢᠶᠠᠯ ᠢᠶᠠᠨ ᠬᠤᠷᠢᠶᠠᠩᠭᠤᠢᠢᠯᠠᠪᠠᠯ᠂ ᠮᠠᠨᠵᠤᠤᠷ ᠪᠠ ᠯᠦ ᠪᠢᠨ ᠰᠢᠶᠠᠨ 1932 ᠤᠨ ᠠᠴᠠ | ᠡᠮᠦᠨ᠎ᠡ ᠪᠤᠯᠳᠠᠯ᠎ᠠ ᠬᠤᠶᠠᠷ ᠠᠳᠠᠯᠢ ᠪᠤᠰᠤ ᠵᠠᠰᠠᠭ ᠵᠠᠬᠢᠷᠭᠠᠨ ᠤ ᠨᠢᠭᠡᠴᠡ ᠪᠠᠶᠢᠵᠤ᠂ ᠠᠳᠠᠯᠢ ᠪᠤᠰᠤ ᠬᠠᠷᠢᠶᠠᠲᠦ | ᠤᠷᠤᠨ ᠤ ᠬᠡᠪᠴᠢᠶᠡᠨ ᠳᠤ ᠪᠠᠶᠢᠬᠰᠠᠨ ᠪᠦᠭᠡᠳ ᠠᠳᠠᠯᠢ ᠪᠤᠰᠤ ᠵᠠᠰᠠᠭ ᠵᠠᠬᠢᠷᠭᠠᠨ ᠤ ᠬᠤᠪᠢᠶᠠᠷᠢᠯᠠᠯ ᠲᠠᠢ ᠪᠠᠶᠢᠭᠰᠠᠨ | ᠶᠤᠮ᠃ ᠢᠢᠮᠦ ᠠᠴᠠ᠂ ᠯᠦ ᠪᠢᠨ ᠰᠢᠶᠠᠨ ᠪᠤᠯ ᠳᠠᠷᠦᠢ ᠮᠠᠨᠵᠤᠤᠷ ᠬᠡᠬᠦ ᠪᠤᠶᠤ ᠮᠠᠨᠵᠤᠤᠷ ᠪᠤᠯ ᠳᠠᠷᠤᠢ ᠯᠦ ᠪᠢᠨ | ᠰᠢᠶᠠᠨ ᠭᠡᠵᠤ ᠨᠡᠷᠡᠯᠡᠵᠥ ᠤᠢᠢᠯᠠᠭᠠᠵᠤ ᠪᠤᠯᠬᠤ ᠦᠭᠡᠢ᠃ | ᠵᠣᠬᠢᠶᠠᠭᠴᠢ᠄ ᠰᠢᠤᠢ ᠰᠢᠤᠸᠠᠢ ᠵᠢᠶᠦ᠋ᠨ | | |