︽ᠵᠢᠷᠬᠢᠶ᠎ᠡ ᠪᠠᠨ ᠲᠦᠷᠢᠶᠡᠰᠦᠯᠡᠬᠦ ᠰᠠᠨᠠᠭ᠎ᠠ ᠲᠠᠢ ᠪᠤᠯ ᠨᠠᠮᠠᠢᠢ ᠨᠡᠮᠡᠭᠡᠷᠠᠢ᠂ ᠲᠤᠰ ᠵᠠᠷ ᠤᠷᠲᠤ ᠬᠤᠭᠤᠴᠠᠭ᠎ᠠ | ᠬᠦᠴᠦᠨ ᠲᠠᠢ︾ ︽ᠥᠨᠳᠥᠷ ᠦᠨ᠎ᠡ ᠪᠠᠷ ᠵᠢᠷᠬᠢᠶ᠎ᠠ ᠬᠤᠳᠠᠯᠳᠤᠵᠤ ᠠᠪᠤᠨ᠎ᠠ᠂ ᠬᠤᠳᠠᠯᠳᠤᠬᠤ ᠳᠤᠷ᠎ᠠ ᠥᠬᠡᠶ ᠨᠢ | ᠲᠦᠷᠢᠶᠡᠰᠦᠯᠡᠬᠦᠯᠵᠦ ᠪᠤᠯᠤᠨ᠎ᠠ᠂ ᠡᠳᠦᠷ ᠤᠨ 180 ᠲᠥᠭᠦᠷᠢᠭ︾ ᠁ ᠣᠶᠢᠷ᠎ᠠ ᠳᠤ ᠨᠠᠶᠢᠵᠠ ᠶᠢᠨ ᠲᠣᠭᠤᠷᠢᠭ | ᠪᠤᠶᠤ ᠵᠢᠷᠬᠢᠶ᠎ᠡ ᠶᠢᠨ ᠬᠤᠯᠪᠤᠭ᠎ᠠ ᠳᠤ ᠡᠶᠢᠮᠦᠷᠬᠦ ︽ᠵᠠᠷ ᠮᠡᠳᠡᠭᠡ︾ ᠭᠠᠷᠴᠤ ᠪᠠᠶᠢᠨ᠎ᠠ᠃ | ︽ᠰᠢᠨᠬᠤᠸᠠ ᠬᠠᠷᠠᠭᠠᠨ ᠴᠡᠭ︾ ᠤᠨ ᠰᠤᠷᠪᠤᠯᠵᠢᠯᠠᠭᠴᠢ ᠪᠠᠶᠢᠴᠠᠭᠠᠯᠲᠠ ᠬᠢᠬᠦ ᠪᠠᠷ ᠲᠠᠮᠵᠢᠭᠠᠳ᠂ ᠵᠠᠷᠢᠮ | ᠬᠥᠮᠦᠰ ᠪᠠᠭ᠎ᠠ ᠠᠰᠢᠭ ᠲᠤ ᠲᠤᠷᠠᠯᠠᠵᠤ ᠥᠪᠡᠷ ᠤᠨ ᠵᠢᠷᠬᠢᠶ᠎ᠡ ᠶᠢᠨ ᠨᠤᠮᠧᠷ ᠢᠶᠠᠨ ᠪᠤᠰᠤᠳ ᠲᠤ ᠲᠦᠷᠢᠶᠡᠰᠦᠯᠡᠨ | ᠥᠭᠴᠦ ᠪᠠᠶᠢᠬᠤ ᠪᠠ ᠡᠳᠡᠭᠡᠷ ᠲᠦᠷᠢᠶᠡᠯᠡᠬᠦᠯᠦᠭᠰᠡᠨ ᠵᠢᠷᠬᠢᠶ᠎ᠡ ᠶᠢᠨ ᠨᠤᠮᠧᠷ ᠢ ᠨᠢ ᠬᠠᠤᠯᠢ ᠪᠤᠰᠤ ᠡᠲᠡᠭᠡᠳ ᠬᠦᠮᠦᠨ ᠢ | ᠮᠡᠬᠡᠯᠡᠬᠦ᠂ ᠵᠣᠭᠤᠰ ᠤᠬᠢᠶᠠᠬᠤ ᠵᠡᠷᠭᠡ ᠶᠠᠯᠠᠲᠤ ᠠᠵᠢᠯᠯᠠᠭ᠎ᠠ ᠬᠢᠬᠦ ᠪᠠᠭᠠᠵᠢ ᠪᠤᠯᠭᠠᠵᠤ ᠪᠠᠶᠢᠬᠤ ᠶᠢ ᠤᠯᠵᠤ ᠮᠡᠳᠡᠵᠡᠢ᠃ | ᠪᠠᠭ᠎ᠠ ᠰᠠᠭ᠎ᠠ ᠠᠰᠢᠭ ᠲᠤ ᠲᠤᠷᠠᠯᠠᠭᠠᠳ ᠬᠦᠨᠳᠦ ᠶᠡᠭᠡ ᠦᠷᠡᠭᠳᠡᠯ ᠭᠠᠷᠭᠠᠪᠠ | 2019 ᠣᠨ ᠤ 10 ᠰᠠᠷ᠎ᠠ ᠳᠤ᠂ ᠾᠧᠨᠠᠨ ᠤ ᠰᠢᠨ ᠰᠢᠶᠠᠩ ᠤᠨ ᠨᠢᠭᠡᠨ ᠠᠵᠢᠯ ᠮᠡᠷᠭᠡᠵᠢᠯ ᠤᠨ | ᠰᠤᠷᠭᠠᠭᠤᠯᠢ ᠶᠢᠨ ᠰᠤᠷᠤᠭᠴᠢ ᠯᠢ ᠣᠪᠣᠭᠲᠤ᠂ ᠪᠢ ᠣᠪᠣᠭᠲᠤ ᠨᠢᠭᠡ ︽ᠪᠠᠶᠠᠵᠢᠬᠤ ᠵᠠᠮ︾ ᠢ ᠤᠯᠵᠤ ᠮᠡᠳᠡᠪᠡ᠄ | ᠵᠢᠷᠬᠢᠶ᠎ᠡ ᠶᠢᠨ ᠨᠤᠮᠧᠷ ᠢᠶᠠᠨ ᠪᠤᠰᠤᠳ ᠲᠤ ᠲᠦᠷᠢᠶᠡᠰᠦᠯᠡᠨ ᠥᠭᠴᠦ᠂ ᠡᠳᠦᠷ ᠪᠦᠷᠢ ᠺᠣᠮᠫᠢᠦ᠋ᠲ᠋ᠧᠷ ᠲᠠᠭᠠᠨ | ᠠᠳᠠᠯᠢᠬᠠᠨ ᠴᠠᠭ ᠲᠤ ᠭᠠᠷᠤᠬᠰᠠᠭᠠᠷ 80 ᠲᠥᠭᠦᠷᠢᠭ ᠤᠨ ᠬᠠᠷᠠᠮᠵᠢ ᠤᠯᠴᠢᠬᠠᠨ᠎ᠠ᠃ ᠢᠡᠭᠭᠢᠵᠦ ᠠᠰᠢᠭ ᠤᠯᠵᠤ | ᠪᠤᠯᠬᠤ ᠶᠢ ᠮᠡᠳᠡᠭᠡᠳ ᠲᠡᠳᠡ ᠴᠢᠨᠠᠬᠰᠢᠯᠠᠨ ᠵᠠᠪᠰᠠᠷ ᠤᠨ ᠬᠤᠳᠠᠯᠳᠤᠭᠠᠴᠢᠨ ᠪᠣᠯᠵᠤ᠂ ᠡᠳᠦᠷ ᠪᠦᠷᠢ 50 | ᠲᠥᠭᠦᠷᠢᠭ ᠤᠨ ᠦᠨ᠎ᠡ ᠪᠠᠷ ᠬᠠᠮᠲᠤ ᠰᠤᠷᠤᠯᠭᠠᠳᠠᠨ᠂ ᠨᠠᠶᠢᠵᠠ ᠨᠠᠷ ᠤᠨ ᠢᠶᠠᠨ ᠵᠢᠷᠬᠢᠶ᠎ᠡ ᠶᠢᠨ ᠨᠤᠮᠧᠷ ᠢ ᠤᠯᠠᠨᠳᠠ | ᠲᠦᠷᠢᠶᠡᠰᠦᠯᠡᠵᠦ ᠠᠪᠤᠭᠠᠳ ᠪᠤᠰᠤᠳ ᠲᠤ ᠲᠦᠷᠢᠶᠡᠰᠦᠯᠡᠨ ᠮᠦᠡᠭᠭᠦ ᠬᠤᠨᠵᠢᠵᠦ᠂ ᠬᠡᠳᠦᠭᠡᠨ ᠰᠠᠷ᠎ᠠ ᠶᠢᠨ ᠲᠤᠳᠤᠷ᠎ᠠ | ᠲᠦᠮᠡ ᠭᠠᠷᠤᠢ ᠲᠦᠭᠦᠷᠢᠭ ᠬᠤᠨᠵᠢᠵᠠᠶ᠃ | ᠬᠡᠪᠡᠴᠦ ᠲᠡᠮᠡᠢ ᠤᠳᠠᠬᠰᠠᠨ ᠦᠭᠡᠢ ᠲᠡᠳᠡ ᠡᠭᠦᠨ ᠤ ᠲᠥᠯᠥᠭᠡ ᠬᠦᠨᠳᠦ ᠦᠷᠡᠭᠳᠡᠯ ᠭᠠᠷᠭᠠᠪᠠ᠃ ᠶᠠᠯᠠᠲᠤ | ᠡᠲᠡᠭᠡᠳ ᠯᠢ ᠣᠪᠣᠭᠲᠤ ᠪᠤᠯᠤᠨ ᠪᠢ ᠣᠪᠣᠭᠲᠠᠨ ᠤ ᠲᠦᠷᠢᠶᠡᠰᠦᠯᠡᠵᠦ ᠦᠭᠭᠦᠭᠰᠡᠨ 100 ᠭᠠᠷᠤᠶ ᠵᠢᠷᠬᠢᠶ᠎ᠡ ᠶᠢᠨ | ᠨᠤᠮᠧᠷ ᠢ ᠠᠰᠢᠬᠯᠠᠨ ᠵᠠᠭᠤ ᠭᠠᠷᠤᠶ ᠲᠤᠰᠢᠶᠠᠯ ᠬᠠᠪᠰᠤᠷᠭᠠᠨ ᠠᠵᠢᠯᠯᠠᠬᠤ ᠠᠵᠢᠯᠳᠠᠨ ᠡᠯᠰᠡᠬᠦ ᠬᠤᠯᠪᠤᠭ᠎ᠠ ᠪᠠᠶᠢᠭᠤᠯᠵᠤ | ᠂ ᠰᠦᠯᠵᠢᠶᠡᠨ ᠤ ᠵᠠᠬᠢᠶᠠᠯᠠᠭ᠎ᠠ ᠶᠢᠨ ᠬᠠᠭᠤᠳᠠᠰᠤ ᠭᠠᠷᠭᠠᠬᠤ᠂ ᠵᠢᠭᠡᠯᠡᠯᠭᠡ ᠲᠠᠯᠪᠢᠬᠤ ᠵᠡᠷᠭᠡ ᠮᠡᠬᠡᠯᠡᠯ ᠤᠨ ᠮᠡᠳᠡᠭᠡ | ᠵᠠᠩᠭᠢ ᠲᠠᠷᠬᠠᠭᠠᠬᠤ ᠶᠢᠨ ᠤᠯᠠᠮ ᠢᠶᠠᠷ ᠴᠠᠬᠢᠯᠭᠠᠨ ᠴᠢᠮᠡᠭᠡ ᠬᠤᠯᠪᠣᠭ᠎ᠠ ᠪᠠ ᠰᠦᠯᠵᠢᠶᠡᠨ ᠤ ᠮᠡᠬᠡᠯᠡᠯ ᠤᠨ ᠶᠠᠯᠠᠲᠤ | ᠠᠵᠢᠯᠯᠠᠭ᠎ᠠ ᠬᠢᠵᠦ ᠪᠠᠶᠢᠬᠤ ᠶᠢ ᠴᠠᠭᠳᠠᠭᠠᠨ ᠤ ᠲᠠᠯ᠎ᠠ ᠶᠢᠨ ᠬᠢᠨ ᠡᠨᠡ ᠵᠢᠯ ᠤᠨ 4 ᠰᠠᠷ᠎ᠠ ᠳᠤ ᠤᠯᠵᠤ ᠮᠡᠳᠡᠵᠡᠢ᠃ | ᠢᠡᠭᠭᠢᠭᠡᠳ ᠯᠢ ᠣᠪᠣᠭᠲᠤ᠂ ᠪᠢ ᠣᠪᠣᠭᠲᠤ ᠶᠢ ᠡᠷᠡᠭᠦᠦ ᠶᠢᠨ ᠬᠡᠷᠡᠭ ᠤᠨ ᠰᠡᠵᠢᠭᠳᠡᠨ ᠢᠶᠠᠷ ᠪᠠᠶᠢᠴᠠᠭᠠᠪᠠ᠃ | ᠯᠢ ᠣᠪᠣᠭᠲᠤ ᠪᠤᠯᠤᠨ ᠪᠢ ᠣᠪᠣᠭᠲᠤ ᠶᠢᠨ ᠬᠢᠨ ᠲᠠᠢ ᠠᠳᠠᠯᠢᠪᠳᠤᠷ ᠬᠡᠷᠡᠭ ᠤᠯᠠᠨ ᠭᠠᠷᠴᠤ ᠪᠤᠢ᠃ | ᠰᠤᠷᠪᠤᠯᠵᠢᠯᠠᠭᠴᠢ ᠶᠢᠨ ᠪᠠᠶᠢᠴᠠᠭᠠᠯᠲᠠ ᠬᠢᠭᠡᠳ ᠣᠯᠵᠤ ᠮᠡᠳᠡᠭᠰᠡᠨ ᠢᠶᠠᠷ᠂ ᠤᠶᠢᠷ᠎ᠡ ᠶᠢᠨ ᠵᠢᠯ ᠠᠴᠠ ᠴᠥᠭᠡᠨ ᠪᠤᠰᠤ | ᠬᠥᠮᠦᠰ ᠰᠦᠯᠵᠢᠶᠡᠨ ᠳᠡᠭᠡᠷ᠎ᠡ ᠵᠢᠷᠬᠢᠶ᠎ᠡ ᠶᠢᠨ ᠨᠤᠮᠧᠷ᠂ ᠲᠣᠭᠠᠴᠠᠭ᠎ᠠ ᠬᠢᠬᠦ ᠳᠠᠪᠴᠠᠩ ᠢᠶᠠᠷ ︽ᠮᠠᠶᠢᠮᠠᠶ︾ ᠬᠢᠵᠦ᠂ | ᠵᠠᠷᠢᠮ ᠤᠨ ᠬᠢᠨᠢ ᠲᠦᠷᠢᠶᠡᠰᠦᠨ ᠮᠥᠩᠭᠦ ᠨᠢ ᠬᠡᠳᠦᠨ ᠵᠠᠭᠤ ᠲᠦᠭᠦᠷᠢᠭ ᠴᠢᠨᠠᠭᠰᠢᠯᠠᠪᠡᠯ ᠮᠢᠩᠭ᠎ᠠ ᠭᠠᠷᠤᠢ | ᠲᠥᠭᠦᠷᠢᠭ ᠲᠤ ᠬᠦᠷᠴᠦ ᠪᠠᠶᠢᠨ᠎ᠠ᠃ | ᠰᠤᠷᠪᠤᠯᠵᠢᠯᠠᠭᠴᠢ ᠰᠦᠯᠵᠢᠶᠡᠨ ᠳᠡᠭᠡᠷ᠎ᠡ ᠠᠴᠠ ᠵᠢᠷᠬᠢᠶ᠎ᠡ ᠶᠢᠨ ᠨᠤᠮᠧᠷ ᠬᠤᠳᠠᠯᠳᠤᠨ ᠠᠪᠳᠠᠭ ᠨᠢᠭᠡᠨ ᠵᠠᠪᠰᠠᠷ ᠤᠨ | ᠬᠤᠳᠠᠯᠳᠤᠭᠠᠴᠢᠨ ᠲᠠᠢ ᠬᠠᠷᠢᠯᠴᠠᠬᠰᠠᠨ ᠳᠤ᠂ ᠲᠡᠷᠡ᠄ ᠲᠦᠷᠢᠶᠡᠰᠦᠯᠡᠨ ᠬᠡᠷᠡᠭᠯᠡᠬᠦᠯᠬᠦ ᠭᠡᠳᠡᠭ ᠨᠢ ᠵᠢᠷᠬᠢᠶ᠎ᠡ ᠶᠢᠨ | ᠺᠣᠮᠫᠢᠦ᠋ᠲ᠋ᠧᠷ ᠲᠤ ᠬᠡᠪ ᠢᠶᠠᠷ ᠭᠠᠷᠬᠤ ᠠᠷᠭ᠎ᠠ ᠮᠠᠶ᠋ᠢᠭ ᠢᠶᠠᠷ ︽ᠬᠤᠤᠰ ᠲᠠᠪᠴᠠᠩ ᠢᠶᠠᠷ ᠠᠵᠢᠯᠯᠠᠭᠤᠯᠬᠤ︾ ᠶᠢ | ᠬᠡᠯᠡᠵᠦ ᠪᠤᠢ᠂ ᠡᠨᠡ ᠨᠢ ᠵᠢᠷᠬᠢᠶ᠎ᠡ ᠶᠢᠨ ᠡᠵᠡᠨ ᠤ ᠬᠡᠪ ᠤᠨ ᠬᠡᠷᠡᠭᠯᠡᠭᠡ ᠶᠢ ᠨᠥᠯᠥᠭᠡᠯᠡᠬᠦ ᠥᠬᠡᠶ ᠶᠤᠮ᠃ ᠵᠢᠷᠬᠢᠶ᠎ᠡ ᠶᠢᠨ | ᠡᠵᠡᠨ ᠨᠢ ᠬᠡᠪ ᠤᠨ ᠪᠤᠰᠤ ᠪᠠᠶᠢᠳᠠᠯ ᠲᠠᠢ ᠪᠠᠶᠢᠬᠤ ᠶᠢ ᠰᠡᠷᠡᠵᠤ ᠮᠡᠳᠡᠪᠡᠯ᠂ ᠲᠡᠷᠡ ᠲᠤᠤᠷ᠎ᠡ ᠨᠢ ᠵᠢᠷᠬᠢᠶ᠎ᠡ ᠳᠤ | ᠭᠠᠷᠬᠤ ᠶᠢ ᠬᠦᠴᠦᠨ ᠦᠭᠡᠢ ᠪᠣᠯᠭᠠᠵᠤ ᠪᠣᠯᠤᠨ᠎ᠠ ᠬᠡᠵᠦ ᠲᠠᠨᠢᠯᠴᠠᠭᠤᠯᠤᠨ ᠬᠡᠯᠡᠯ᠎ᠡ᠃ | ᠲᠤᠰ ᠵᠠᠪᠰᠠᠷ ᠤᠨ ᠬᠤᠳᠠᠯᠳᠤᠭᠠᠴᠢᠨ ᠬᠡᠯᠡᠬᠦ ᠪᠠᠷ᠂ ᠠᠳᠠᠯᠢ ᠪᠤᠰᠤ ᠵᠢᠷᠬᠢᠶ᠎ᠡ ᠶᠢᠨ ᠨᠤᠮᠧᠷ ᠤᠨ ᠲᠦᠷᠢᠶᠡᠰᠦᠨ | ᠦᠨ᠎ᠡ ᠨᠢ ᠠᠳᠠᠯᠢ ᠦᠭᠡᠢ᠂ ᠰᠢᠨᠡᠭᠡᠨ ᠳᠠᠩᠰᠠᠯᠠᠭᠤᠯᠤᠭᠰᠠᠨ ᠵᠢᠷᠬᠢᠶ᠎ᠡ ᠶᠢᠨ ᠨᠤᠮᠧᠷ ᠤᠨ ᠦᠨ᠎ᠡ ᠨᠢ ᠬᠠᠮᠤᠭ ᠤᠨ | ᠬᠢᠮᠳᠠ᠂ ᠨᠠᠶᠢᠵᠠ ᠶᠢᠨ ᠲᠣᠭᠤᠷᠢᠭ ᠪᠠᠶᠢᠭᠤᠯᠤᠭᠠᠳ ︽ᠬᠡᠳᠦᠨ ᠰᠠᠷ᠎ᠠ ᠪᠤᠯᠤᠬᠰᠠᠨ︾ ᠵᠢᠷᠬᠢᠶ᠎ᠡ ᠶᠢᠨ ᠨᠤᠮᠧᠷ ᠨᠢ | ᠵᠢᠭᠠᠬᠠᠨ ᠦᠨᠡᠲᠡᠶ ᠰᠢᠭ᠃ ᠪᠠᠩᠬᠢ ᠶᠢᠨ ᠺᠠᠷᠲ ᠢᠶᠠᠨ ᠬᠤᠯᠪᠣᠬᠰᠠᠨ᠂ ᠲᠣᠭᠠᠴᠠᠭ᠎ᠠ ᠬᠢᠬᠦ ᠴᠢᠳᠠᠮᠵᠢ ᠲᠠᠢ ᠨᠢ ᠨᠠᠩ | ᠦᠨᠡᠲᠡᠶ᠂ ᠶᠡᠭᠡ ᠲᠣᠭᠠᠨ ᠤ ᠵᠤᠭᠤᠰ ᠰᠢᠯᠵᠢᠭᠦᠯᠬᠦ ᠴᠢᠳᠠᠮᠵᠢ ᠲᠠᠢ ᠨᠢ ᠬᠠᠮᠤᠭ ᠤᠨ ᠦᠨᠡᠲᠡᠶ ᠶᠤᠮ᠃ | ᠳᠠᠩᠰᠠᠯᠠᠭᠤᠯᠤᠬᠰᠠᠨ ᠴᠠᠭ ᠨᠢ ᠬᠠᠭᠠᠰ ᠵᠢᠯ ᠦᠡᠭᠭᠡᠷᠡᠭᠰᠡᠨ᠂ 40 ᠭᠠᠷᠤᠢ ᠰᠠᠶᠢᠨ ᠨᠠᠶᠢᠵᠠ ᠲᠠᠢ᠂ ᠨᠠᠶᠢᠵᠠ ᠶᠢᠨ | ᠲᠣᠭᠤᠷᠢᠭ ᠨᠢ ᠬᠥᠭᠵᠢᠶᠡᠨᠲᠡᠶ ᠵᠢᠷᠬᠢᠶ᠎ᠡ ᠶᠢᠨ ᠨᠤᠮᠧᠷ ᠤᠨ ᠡᠳᠦᠷ ᠤᠨ ᠲᠦᠷᠢᠶᠡᠰᠦᠨ ᠮᠥᠩᠭᠦ ᠨᠢ 60 | ᠲᠥᠭᠦᠷᠢᠭ ᠠᠴᠠ 100 ᠲᠥᠭᠦᠷᠢᠭ ᠲᠤ ᠬᠦᠷᠦᠨ᠎ᠡ ᠬᠡᠪᠡ᠃ | ᠵᠢᠷᠬᠢᠶ᠎ᠡ ᠶᠢᠨ ᠲᠠᠪᠴᠠᠩ ᠤᠨ ᠬᠠᠮᠢᠶ᠎ᠠ ᠪᠦᠬᠦᠢ ᠳᠣᠭᠳᠠᠭᠠᠯ ᠢ ᠦᠨᠳᠦᠰᠦᠯᠡᠪᠡᠯ᠂ ᠵᠢᠷᠬᠢᠶ᠎ᠡ ᠶᠢᠨ ᠨᠤᠮᠧᠷ ᠢ | ᠲᠦᠷᠢᠶᠡᠰᠦᠯᠡᠭᠦᠯᠵᠦ ᠪᠣᠯᠬᠤ ᠥᠬᠡᠶ ᠶᠤᠮ᠃ ᠬᠡᠷᠡᠭᠯᠡᠭᠴᠢ ᠥᠪᠡᠷ ᠤᠨ ᠦᠨᠡᠨ ᠨᠡᠷ᠎ᠡ ᠪᠠᠷ ᠳᠠᠩᠰᠠᠯᠠᠭᠤᠯᠤᠭᠰᠠᠨ | ᠵᠢᠷᠬᠢᠶ᠎ᠡ ᠶᠢᠨ ᠨᠤᠮᠧᠷ ᠢᠶᠠᠨ ᠭᠠᠳᠠᠭᠰᠢ ᠲᠦᠷᠢᠶᠡᠰᠦᠯᠡᠭᠦᠯᠬᠦ ᠳᠤ ᠬᠦᠷᠪᠡᠯ ᠵᠢᠷᠬᠢᠶ᠎ᠡ ᠶᠢᠨ ᠨᠤᠮᠧᠷ ᠢᠶᠠᠨ ᠭᠡᠭᠡᠬᠦ | ᠠᠶᠤᠯ ᠲᠠᠢ︔ ᠵᠢᠷᠬᠢᠶ᠎ᠡ ᠶᠢᠨ ᠨᠤᠮᠧᠷ ᠤᠨ ᠲᠤᠳᠤᠷᠠᠬᠢ ᠬᠤᠪᠢ ᠬᠦᠮᠦᠨ ᠤ ᠲᠤᠭ᠎ᠠ ᠪᠠᠷᠢᠮᠳᠠ ᠪᠤᠯᠤᠨ ᠬᠤᠪᠢ ᠶᠢᠨ | ᠨᠢᠭᠤᠴᠠ ᠮᠡᠳᠡᠭᠡ ᠵᠠᠩᠭᠢ ᠵᠡᠷᠭᠡ ᠪᠠᠨ ᠭᠡᠭᠡᠬᠦ ᠪᠤᠶᠤ ᠲᠡᠭᠦᠨ ᠢ ᠴᠢᠨᠢ ᠪᠤᠰᠤᠳ ᠬᠦᠮᠦᠨ ᠲᠤᠷ᠎ᠡ ᠪᠠᠷ ᠢᠶᠠᠨ | ᠠᠰᠢᠬᠯᠠᠬᠤ ᠠᠶᠤᠯ ᠲᠠᠢ︔ | ᠵᠢᠷᠬᠢᠶ᠎ᠡ ᠪᠠᠷ ᠲᠣᠭᠠᠴᠠᠭ᠎ᠠ ᠬᠢᠳᠡᠭ ᠲᠠᠩᠰᠠᠨ ᠡᠷᠦᠬᠡ ᠵᠢᠴᠢ ᠬᠤᠯᠪᠣᠭᠳᠠᠬᠤ ᠪᠠᠩᠬᠢ ᠶᠢᠨ ᠺᠠᠷᠲ ᠲᠠᠢ ᠲᠠᠩᠰᠠᠨ | ᠡᠷᠦᠬᠡ ᠶᠢᠨ ᠪᠠᠯᠠ ᠮᠥᠩᠭᠦ ᠶᠢᠨ ᠠᠮᠤᠷ ᠲᠦᠪᠰᠢᠨ ᠳᠤ ᠯᠤᠲᠤ ᠶᠡᠭᠡ ᠠᠶᠤᠯ ᠲᠦᠭᠰᠢᠭᠦᠷᠢ ᠤᠴᠠᠷᠠᠭᠤᠯᠬᠤ | ᠠᠶᠤᠯ ᠲᠠᠢ︔ ᠵᠢᠷᠬᠢᠶ᠎ᠠ ᠶᠢᠨ ᠨᠣᠮᠧᠷ ᠢ ᠴᠢᠨᠢ ᠪᠤᠰᠤᠳ ᠬᠥᠮᠦᠨ ᠠᠰᠢᠭᠯᠠᠵᠤ ᠬᠠᠤᠯᠢ ᠠᠴᠠ ᠵᠥᠷᠢᠴᠡᠬᠦ ᠶᠠᠯᠠᠲᠤ | ᠠᠵᠢᠯᠯᠠᠭ᠎ᠠ ᠬᠢᠬᠦ ᠳᠤ ᠬᠦᠷᠪᠡᠯ᠂ ᠵᠢᠷᠬᠢᠶ᠎ᠡ ᠶᠢᠨ ᠡᠵᠡᠨ ︵ᠬᠡᠷᠡᠭᠯᠡᠭᠴᠢ ᠲᠣᠰ ᠬᠦᠮᠦᠨ︶ ᠨᠢ ᠴᠤ ᠬᠠᠤᠯᠢ ᠶᠢᠨ | ᠬᠠᠷᠢᠭᠤᠴᠠᠯᠭ᠎ᠠ ᠡᠭᠦᠷᠭᠡᠯᠡᠵᠦ᠂ ᠴᠢᠨᠠᠭᠰᠢᠯᠠᠪᠠᠯ ᠡᠷᠡᠭᠦᠤ ᠶᠢᠨ ᠬᠠᠷᠢᠭᠤᠴᠠᠯᠭ᠎ᠠ ᠡᠭᠦᠷᠭᠡᠯᠡᠬᠦ ᠠᠶᠤᠯ ᠲᠠᠢ ᠶᠤᠮ᠃ | |